ᠮᠤᠷᠢᠨ ᠤ ᠲᠤᠬᠠᠢ ᠵᠦᠢᠷ ᠰᠡᠴᠡᠨ ᠦᠭᠡ
ᠨᠡᠶᠢᠲᠡᠯᠡᠭᠰᠡᠨ ᠴᠠᠭ᠄
2021/11/23
     ᠬᠦᠮᠦᠨ ᠤ ᠰᠠᠶᠢᠨ ᠢ ᠬᠠᠨᠢᠯᠠᠨ ᠪᠠᠶᠢᠵᠤ ᠮᠡᠳᠡᠨ᠎ᠡ      ᠬᠥᠯᠥᠭ ᠤᠨ ᠰᠠᠶᠢᠨ ᠢ ᠤᠨᠤᠨ ᠪᠠᠶᠢᠵᠤ ᠮᠡᠳᠡᠨ᠎ᠡ      ᠡᠷ᠎ᠡ ᠬᠦᠮᠦᠨ ᠭᠡᠨᠡᠳᠡᠳᠡᠭ      ᠡᠷ᠎ᠡ ᠮᠤᠷᠢ ᠪᠥᠳᠥᠷᠢᠳᠡᠭ      ᠠᠭᠲᠠ ᠶᠢᠨ ᠢᠶᠠᠨ ᠪᠠᠶᠢᠬᠤ ᠳᠡᠭᠡᠷ᠎ᠡ ᠪᠡᠯᠴᠢᠭᠡᠷ ᠢᠶᠠᠨ ᠲᠠᠨᠢ      ᠠᠪᠤ ᠶᠢᠨ ᠢᠶᠠᠨ ᠪᠠᠶᠢᠬᠤ ᠳᠡᠭᠡᠷ᠎ᠡ ᠬᠦᠮᠦᠨ ᠲᠠᠨᠢ      ᠰᠠᠶᠢᠨ ᠬᠦᠮᠦᠨ ᠰᠠᠨᠠᠭ᠎ᠠ ᠪᠠᠷ ᠢᠶᠠᠨ      ᠰᠠᠷᠠᠯ ᠮᠤᠷᠢ ᠵᠢᠷᠤᠭ᠎ᠠ ᠪᠠᠷ ᠢᠶᠠᠨ      ᠬᠡᠯᠡᠬᠦ ᠦᠭᠡ ᠶᠢ ᠡᠵᠡᠨ ᠳᠤ ᠨᠢ      ᠲᠠᠯᠪᠢᠬᠤ ᠮᠤᠷᠢ ᠶᠢ ᠢᠵᠢᠯᠢ ᠳᠤ ᠨᠢ      ᠬᠥᠯᠥᠭ ᠥᠲᠡᠯᠪᠡᠯ ᠤᠨᠠᠭᠠᠨ ᠤ ᠡᠯᠡᠭ      ᠬᠦᠮᠦᠨ ᠥᠲᠡᠯᠪᠡᠯ ᠬᠡᠦᠬᠡᠳ ᠤᠨ ᠡᠯᠡᠭ      ᠬᠦᠮᠦᠨ ᠨᠤᠲᠤᠭ ᠢᠶᠠᠨ ᠮᠥᠷᠦᠭᠡᠳᠳᠡᠭ      ᠬᠥᠯᠥᠭ ᠰᠦᠷᠦᠭ ᠢᠶᠠᠨ ᠮᠥᠷᠦᠭᠡᠳᠳᠡᠭ      ᠬᠦᠮᠦᠨ ᠨᠢ ᠵᠤᠨ ᠪᠤᠯᠵᠤ      ᠬᠥᠯᠥᠭ ᠨᠢ ᠰᠦᠷᠦᠭ ᠪᠤᠯᠬᠤ      ᠰᠠᠶᠢᠨ ᠬᠦᠮᠦᠨ ᠤ ᠦᠷ᠎ᠡ      ᠰᠦᠲᠦ ᠭᠡᠭᠦᠨ ᠤ ᠤᠨᠠᠭ᠎ᠠ      ᠬᠡᠭᠡᠷ ᠠᠯᠠᠭ ᠠᠴᠠ ᠰᠢᠭᠢᠷ᠎ᠠ ᠠᠯᠠᠭ      ᠬᠡᠯᠲᠡᠩ ᠭᠡᠭᠦᠦ ᠠᠴᠠ ᠰᠢᠪᠲᠤᠩ ᠤᠨᠠᠭ᠎ᠠ      ᠴᠠᠭᠠᠨ ᠮᠤᠷᠢ ᠶᠢ ᠨᠤᠭᠤᠭ᠎ᠠ ᠬᠠᠳᠬᠤᠵᠤ      ᠴᠠᠭᠠᠴᠢ ᠬᠦᠮᠦᠨ ᠢ ᠴᠠᠭ᠎ᠠ ᠬᠠᠳᠬᠤᠬᠤ      ᠬᠦᠨᠳᠦ ᠪᠠᠨ ᠬᠥᠩᠭᠡᠨ ᠢᠶᠠᠷ ᠰᠤᠯᠢᠵᠤ      ᠬᠥᠯᠥᠭ ᠢᠶᠠᠨ ᠡᠯᠵᠢᠭᠡ ᠪᠠᠷ ᠰᠤᠯᠢᠬᠤ      ᠰᠠᠶᠢᠨ ᠮᠤᠷᠢ ᠡᠮᠡᠭᠡᠯ ᠳᠤ ᠦᠭᠡᠢ      ᠰᠠᠶᠢᠬᠠᠨ ᠵᠢᠰᠦ ᠳᠡᠪᠡᠯ ᠳᠤ ᠦᠭᠡᠢ      ᠬᠠᠨᠤᠭᠰᠠᠨ ᠪᠤᠯ ᠬᠠᠷ᠎ᠠ ᠠᠵᠢᠷᠭ᠎ᠠ ᠲᠠᠯᠪᠢ      ᠴᠠᠳᠤᠭᠰᠠᠨ ᠪᠤᠯ ᠴᠠᠭᠠᠨ ᠠᠵᠢᠷᠭ᠎ᠠ ᠲᠠᠯᠪᠢ
 
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号