ᠢᠮᠠᠭᠠᠨ ᠤ ᠲᠤᠬᠠᠢ ᠵᠦᠢᠷ ᠰᠡᠴᠡᠨ ᠦᠭᠡ
ᠨᠡᠶᠢᠲᠡᠯᠡᠭᠰᠡᠨ ᠴᠠᠭ᠄
2021/11/24
     ᠶᠡᠭᠡ ᠰᠠᠨᠠᠭᠰᠠᠨ ᠠᠭᠤᠯᠠᠨ ᠳᠤ ᠭᠥᠷᠦᠭᠡᠰᠦ ᠦᠭᠡᠢ      ᠢᠬᠡᠷ᠎ᠡ ᠰᠠᠨᠠᠭᠰᠠᠨ ᠢᠮᠠᠭᠠᠨ ᠳᠤ ᠢᠰᠢᠭᠡ ᠦᠭᠡᠢ      ᠲᠡᠮᠡᠭᠡ ᠲᠤᠶᠢᠯᠠᠭᠠᠳ ᠲᠡᠭᠷᠢ ᠳᠤ ᠬᠦᠷᠬᠦ ᠦᠭᠡᠢ      ᠢᠮᠠᠭ᠎ᠠ ᠲᠤᠶᠢᠯᠠᠭᠠᠳ ᠶᠠᠩᠭᠢᠶ᠎ᠠ ᠡᠪᠳᠡᠬᠦ ᠦᠭᠡᠢ      ᠲᠡᠮᠡᠭᠡᠨ ᠬᠤᠯᠠᠭᠠᠶᠢᠴᠢ ᠶᠢᠨ ᠳᠡᠭᠡᠷ᠎ᠡ ᠡᠪᠡᠰᠦ ᠲᠠᠢ ᠭᠡᠬᠦᠯᠡᠷ      ᠢᠮᠠᠭᠠᠨ ᠬᠤᠯᠠᠭᠠᠶᠢᠴᠢ ᠲᠤᠯᠤᠭᠠᠢ ᠪᠠᠨ ᠲᠡᠮᠲᠡᠷᠢᠬᠦ      ᠢᠮᠠᠭ᠎ᠠ ᠡᠴᠡᠭᠰᠡᠨ ᠳᠡᠭᠡᠨ      ᠴᠢᠨ᠋ᠸ᠎ᠠ ᠬᠥᠭᠰᠢᠨ ᠳᠡᠭᠡᠨ      ᠢᠮᠠᠭ᠎ᠠ ᠢᠳᠡᠭᠰᠡᠨ ᠭᠠᠨᠵᠤᠭ᠎ᠠ ᠶᠢ ᠲᠥᠯᠥᠵᠥ ᠪᠤᠯᠤᠨ᠎ᠠ      ᠶᠠᠮ᠎ᠠ ᠢᠳᠡᠭᠰᠡᠨ ᠬᠠᠮᠠᠷ ᠢᠶᠠᠨ ᠬᠡᠨ ᠢᠶᠠᠷ ᠲᠥᠯᠥᠭᠦᠯᠭᠦ ᠪᠤᠢ      ᠢᠮᠠᠭ᠎ᠠ ᠪᠠᠷᠬᠢᠷᠠᠬᠤ ᠪᠠᠷ ᠢᠶᠠᠨ ᠠᠶᠤᠯᠭᠠᠨ᠎ᠠ      ᠪᠠᠳᠢᠷᠴᠢ ᠶᠠᠪᠤᠬᠤ ᠪᠠᠷ ᠢᠶᠠᠨ ᠠᠶᠤᠯᠭᠠᠨ᠎ᠠ      ᠢᠮᠠᠭ᠎ᠠ ᠬᠠᠮᠠᠭᠤᠨ ᠳᠠᠭᠠᠨ ᠮᠠᠭᠤ      ᠯᠠᠮᠠ ᠯᠠᠮᠠ ᠳᠠᠭᠠᠨ ᠮᠠᠭᠤ      ᠢᠮᠠᠭᠠᠨ ᠤ ᠰᠡᠭᠦᠯ ᠥᠭᠡᠬᠦ ᠦᠭᠡᠢ      ᠶᠠᠯᠢᠮ ᠦᠭᠡᠢ ᠬᠦᠮᠦᠨ ᠬᠠᠨᠢ ᠦᠭᠡᠢ      ᠢᠮᠠᠭ᠎ᠠ ᠲᠠᠷᠭᠤᠯᠠᠪᠠᠴᠤ ᠰᠡᠭᠦᠯ ᠨᠢ ᠲᠠᠷᠭᠤᠯᠠᠬᠤ ᠦᠭᠡᠢ      ᠶᠠᠷ᠎ᠠ ᠳᠤᠯᠢᠶᠠᠪᠠᠴᠤ ᠨᠣᠬᠠᠢ ᠲᠠᠷᠭᠤᠯᠠᠬᠤ ᠦᠭᠡᠢ
 
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号