︽ᠮᠣᠩᠭᠤᠯ ᠤᠨ ᠨᠢᠭᠤᠴᠠ ᠲᠣᠪᠴᠢᠶᠠᠨ︾ ᠳᠠᠬᠢ ᠨᠣᠬᠠᠢ ᠠᠴᠠ ᠰᠡᠳᠣᠪᠯᠡᠬᠦ ᠨᠢ
ᠨᠡᠶᠢᠲᠡᠯᠡᠭᠰᠡᠨ ᠴᠠᠭ᠄
2020/4/26
                ︽ᠮᠣᠩᠭᠤᠯ ᠤᠨ ᠨᠢᠭᠤᠴᠠ ᠲᠣᠪᠴᠢᠶᠠᠨ︾ ᠳᠠᠬᠢ ᠨᠣᠬᠠᠢ ᠠᠴᠠ ᠰᠡᠳᠣᠪᠯᠡᠬᠦ ᠨᠢ                                                               ᠵᠠᠩ ᠦᠯᠵᠡᠶᠢᠮᠦ᠋ᠷᠡᠨ                ﹇ᠠᠭᠤᠯᠭ᠎ᠠ ᠶᠢᠨ ᠲᠣᠪᠴᠢ﹈      ︽ᠮᠣᠩᠭᠤᠯ ᠤᠨ ᠨᠢᠭᠤᠴᠠ ᠲᠣᠪᠴᠢᠶᠠᠨ︾ ᠨᠢ ︵ᠲᠣᠷᠣᠭᠰᠢ ︽ᠨᠢᠭᠤᠴᠠ ᠲᠣᠪᠴᠢᠶᠠᠨ︾ ᠭᠡᠨ᠎ᠡ︶ ᠮᠣᠩᠭᠤᠯ ᠦᠨᠳᠣᠰᠣᠳᠡᠨ ᠤ ᠬᠠᠮᠤᠭ ᠡᠷᠳᠡᠨ ᠤ ᠦᠰᠦᠭ ᠪᠢᠴᠢᠭ ᠢᠶᠠᠷ ᠲᠡᠮᠳᠡᠭᠯᠡᠭᠳᠡᠨ ᠦᠯᠡᠳᠡᠭᠰᠡᠨ ᠲᠡᠣᠬᠡᠨ ᠰᠣᠷᠪᠣᠯᠵᠢ ᠪᠢᠴᠢᠭ ᠪᠣᠯᠣᠭᠰᠠᠨ ᠤ ᠬᠤᠪᠢ ᠳᠤ ᠮᠠᠰᠢ ᠣᠯᠠᠨ ᠡᠷᠳᠡᠮᠳᠡᠳ ᠲᠡᠭᠦᠨ ᠢ ᠲᠠᠯ᠎ᠠ ᠲᠠᠯ᠎ᠠ ᠠᠴᠠ ᠨᠢ ᠰᠣᠳᠣᠯᠵᠣ ᠦᠩᠭᠡᠷᠡᠭᠰᠡᠨ ᠪᠣᠶᠣ ᠣᠳᠣ ᠴᠦ ᠲᠡᠯᠡᠬᠡᠢ ᠨᠡᠶᠢᠳᠡ ᠪᠠᠷ ᠢᠶᠠᠨ ᠰᠣᠳᠣᠯᠵᠣ ᠪᠣᠢ᠃ ︽ᠨᠢᠭᠤᠴᠠ ᠲᠣᠪᠴᠢᠶᠠᠨ︾ ᠤ ᠲᠣᠳᠣᠷᠠᠬᠢ ᠠᠮᠢᠳᠠᠨ ᠤ ᠲᠣᠬᠠᠢ ᠭᠡᠪᠡᠯ ᠠᠭᠳᠠ ᠬᠦᠯᠦᠭ ᠮᠣᠷᠢᠨ ᠤ ᠲᠣᠬᠠᠢ᠂ ᠴᠢᠨ᠋ᠸ᠎ᠠ ᠶᠢᠨ ᠲᠣᠬᠠᠢ᠂ ᠴᠠᠭᠠᠨ ᠱᠣᠩᠬᠤᠷ ᠰᠢᠪᠠᠭᠤᠨ ᠤ ᠲᠣᠬᠠᠢ ᠪᠢᠴᠢᠭᠰᠡᠨ ᠦᠭᠦᠯᠡᠯ ᠵᠣᠬᠢᠶᠠᠯ ᠮᠠᠰᠢ ᠣᠯᠠᠨ  ᠪᠣᠯᠪᠠᠴᠣ ᠬᠠᠷᠢᠨ ︽ᠨᠢᠭᠤᠴᠠ ᠲᠣᠪᠴᠢᠶᠠᠨ︾ ᠳᠠᠬᠢ ᠨᠣᠬᠠᠢ ᠶᠢᠨ ᠲᠣᠬᠠᠢ  ᠪᠢᠴᠢᠭᠰᠡᠨ ᠦᠭᠦᠯᠡᠯ ᠵᠣᠬᠢᠶᠠᠯ ᠲᠣᠩ ᠬᠤᠪᠣᠷᠬᠠᠨ ᠬᠠᠷᠠᠭᠳᠠᠨ᠎ᠠ᠃ ᠲᠡᠭᠡᠪᠡᠯ ᠮᠢᠨᠣ ᠪᠢᠴᠢᠬᠦ ᠭᠡᠵᠤ ᠪᠠᠶᠢᠭ᠎ᠠ‌ᠦᠭᠦᠯᠡᠯ ᠨᠢ ︽ᠨᠢᠭᠤᠴᠠ ᠲᠣᠪᠴᠢᠶᠠᠨ︾ ᠤ ᠨᠣᠬᠠᠢ ᠲᠠᠢ ᠬᠤᠯᠪᠣᠭᠳᠠᠭᠰᠠᠨ ᠦᠭᠡ ᠦᠭᠦᠯᠡᠪᠦᠷᠢ ᠶᠢ ᠡᠷᠢᠨ ᠭᠠᠷᠭᠠᠵᠣ ᠠᠷᠪᠠᠨ ᠭᠤᠷᠪᠠᠳᠣᠭᠠᠷ ᠵᠠᠭᠤᠨ ᠤ ᠮᠣᠩᠭᠤᠯ ᠦᠨᠳᠣᠰᠣᠳᠡᠨ ᠨᠣᠬᠠᠢ ᠭᠡᠳᠡᠭ ᠠᠮᠢᠳᠠᠨ ︵ᠭᠡᠷ ᠤᠨ ᠲᠡᠵᠢᠭᠡᠪᠣᠷᠢ︶ ᠳᠤ ᠬᠠᠳᠣᠵᠣ ᠪᠠᠶᠢᠭ᠎ᠠ ᠣᠪᠣᠷ᠂ ᠦᠵᠡᠯ ᠰᠡᠳᠬᠢᠯᠭᠡ ᠶᠠᠮᠠᠷ ᠭᠡᠳᠡᠭ ᠢ ᠲᠣᠳᠣᠯᠵᠣ᠂ ᠪᠣᠰᠣᠳ ᠡᠷᠳᠡᠮᠳᠡᠳ ᠤᠨ ᠦᠵᠡᠯ ᠲᠠᠢ ᠬᠠᠷᠢᠴᠠᠭᠤᠯᠣᠨ ᠦᠪᠡᠷ ᠤᠨ ᠦᠵᠡᠯᠳᠡ ᠪᠠᠨ ᠬᠤᠷᠢᠶᠠᠩᠭᠤᠶᠢᠯᠠᠨ᠎ᠠ᠃      ﹇ᠵᠠᠩᠭᠢᠯᠠᠭ᠎ᠠ ᠦᠭᠡ﹈ ︽ᠨᠢᠭᠤᠴᠠ ᠲᠣᠪᠴᠢᠶᠠᠨ︾᠂ ᠨᠣᠬᠠᠢ      ᠦᠨᠣᠳᠣᠷ ᠬᠡᠨ ᠨᠢᠭᠡ ᠬᠦᠮᠣᠨ ᠢ ᠨᠣᠬᠠᠢ ᠭᠡᠵᠤ ᠬᠡᠯᠡᠪᠡᠯ ᠲᠡᠷᠡ ᠬᠤᠶᠠᠷ ᠬᠦᠮᠣᠨ  ᠯᠠᠪᠳᠠᠢ ᠴᠢᠷᠠᠢ ᠴᠢᠷᠠᠢ  ᠪᠠᠨ ᠣᠯᠠᠶᠢᠯᠴᠠᠵᠣ᠂ ᠴᠢᠨᠠᠭᠰᠢᠯᠠᠪᠠᠯ ᠴᠢᠯᠠᠭᠤ ᠮᠣᠳᠣᠨ ᠤ ᠪᠠᠶᠢᠯᠳᠣᠭᠠᠨ ᠡᠭᠦᠰᠬᠡᠵᠣ ᠴᠦ ᠮᠡᠳᠡᠬᠦ ᠮᠠᠭᠠᠳ᠃ ᠣᠴᠢᠷ  ᠨᠢ ᠣᠳᠣ ᠶᠢᠨ ᠬᠦᠮᠣᠰ ᠨᠣᠬᠠᠢ ᠭᠡᠳᠡᠭ ᠦᠭᠡ ᠶᠢ ᠨᠢᠭᠡ ᠵᠦᠢᠯ ᠤᠨ ᠬᠠᠷᠢᠶᠠᠳᠣ ᠪᠠᠷ ᠦᠵᠡᠨ᠂ ᠬᠦᠮᠣᠨ ᠢ ᠨᠣᠬᠠᠢ ᠭᠡᠳᠡᠭ ᠦᠭᠡ ᠠᠴᠠ ᠢᠯᠭᠠᠨ ᠰᠠᠯᠭᠠᠬᠤ ᠶᠢ ᠣᠨᠴᠠ ᠬᠡᠴᠢᠶᠡᠳᠡᠭ ᠠᠵᠠᠢ᠃ ᠣᠳᠣ ᠴᠠᠭ ᠲᠤ ᠪᠢᠯᠳᠠᠣᠴᠢ ᠬᠦᠮᠣᠨ ᠢ ︽ᠨᠣᠬᠠᠢ ᠶᠢᠨ ᠭᠤᠶ᠎ᠠ︾ ᠭᠡᠵᠤ ᠭᠤᠣᠯᠴᠢ  ᠪᠣᠰᠣ ᠬᠦᠮᠣᠨ ᠢ ︽ᠨᠣᠬᠠᠢ ᠶᠢᠨ ᠰᠡᠭᠦᠯ︾ ᠭᠡᠬᠦ ᠮᠡᠳᠣ ᠪᠠᠷ ᠨᠣᠬᠠᠢ  ᠲᠠᠢ ᠬᠤᠯᠪᠣᠵᠣ ᠬᠦᠮᠣᠨ ᠤ ᠮᠠᠭᠤ ᠮᠠᠭᠤᠬᠠᠢ ᠶᠢ ᠢᠯᠡᠴᠢᠯᠡᠨ ᠲᠦᠷᠰᠣᠯᠡᠳᠡᠭ ᠪᠣᠯᠵᠠᠢ᠃ ᠭᠡᠳᠡᠯ᠎ᠡ ᠡᠷᠳᠡ ᠴᠠᠭ ᠤᠨ ᠮᠣᠩᠭᠤᠯᠴᠣᠳ ᠲᠠᠪᠣᠨ ᠬᠤᠰᠢᠭᠤ ᠮᠠᠯ ᠢ ᠡᠵᠡᠩᠨᠡᠨ ᠮᠠᠯᠵᠢᠭᠰᠠᠨ ᠦᠨᠢ ᠣᠳᠠᠭᠠᠨ ᠲᠡᠣᠭᠡ ᠶᠢᠨ ᠶᠠᠪᠣᠴᠠ ᠳᠤ ᠨᠣᠬᠠᠢ ᠭᠡᠳᠡᠭ ᠠᠮᠢᠳᠠᠨ ᠢ ᠭᠡᠷᠰᠢᠭᠦᠯᠣᠨ ᠲᠡᠵᠢᠭᠡᠵᠣ᠂ ᠬᠤᠳᠠᠴᠢ ᠨᠣᠬᠠᠢ ᠪᠠᠷ ᠨᠦᠬᠦᠷ ᠬᠢᠵᠣ᠂ ᠬᠤᠳᠠ ᠲᠠᠢ ᠮᠠᠯ ᠵᠶ᠋ᠠᠨ‌‍ᠰᠠᠬᠢᠭᠤᠯᠬᠤ ᠪᠠ ᠠᠩ ᠭᠦᠷᠣᠬᠡ ᠬᠢᠯᠭᠡᠳᠡᠭ ᠪᠠᠶᠢᠪᠠ᠃              ᠨᠢᠭᠡ᠂ ︽ᠨᠢᠭᠤᠴᠠ ᠲᠣᠪᠴᠢᠶᠠᠨ︾ ᠳᠠᠬᠢ ᠨᠣᠬᠠᠢ ᠨᠢ ᠲᠣᠭᠰᠢᠨ ᠰᠦᠷᠳᠠᠢ ᠠᠮᠢᠳᠠᠨ ᠤ ᠲᠦᠷᠢ ᠪᠠᠷ ᠢᠯᠡᠷᠡᠳᠡᠭ 1206 ᠣᠨ ᠳᠤ ᠴᠢᠩᠭᠢᠰ ᠬᠠᠭᠠᠨ ᠣᠨᠣᠨ ᠮᠦᠷᠡᠨ ᠤ ᠬᠦᠪᠡᠭᠡᠨ ᠳᠤ ᠬᠤᠷᠠᠯᠳᠣᠵᠣ᠂ ᠶᠢᠰᠣᠨ ᠬᠦᠯᠳᠣ ᠴᠠᠭᠠᠨ ᠲᠤᠭ ᠢᠶᠠᠨ ᠲᠡᠭᠷᠢ ᠶᠢᠨ ᠲᠠᠩᠨᠠᠢ ᠳᠤ ᠮᠠᠨᠳᠣᠭᠤᠯᠣᠨ᠂ ᠶᠡᠭᠡ ᠮᠣᠩᠭᠤᠯ  ᠬᠠᠭᠠᠨᠳᠣ ᠣᠯᠣᠰ ᠢ ᠪᠠᠶᠢᠭᠤᠯᠵᠣ᠂ ︽ᠣᠯᠣᠰ ᠪᠠᠶᠢᠭᠤᠯᠬᠤ ᠳᠤ ᠵᠢᠳᠬᠦᠯ ᠦᠵᠡᠭᠦᠯᠦᠭᠰᠡᠨ ᠭᠠᠪᠢᠶᠠᠳᠣ ᠨᠦᠬᠦᠳ ᠢ ᠮᠢᠩᠭ᠎ᠠ ᠮᠢᠩᠭᠠᠯᠠᠵᠣ᠂ ᠮᠢᠩᠭᠠᠨ ᠤ ᠨᠣᠶᠠᠨ ᠡᠷᠭᠦᠮᠵᠢᠯᠡᠭᠦ︾ ( 202 ) ᠦᠶ᠎ᠡ   ᠳᠤ᠂ ᠬᠤᠪᠢᠯᠠᠢ ᠶᠢ ᠲᠠᠭᠤᠳᠠᠵᠣ     ᠬᠡᠯᠡᠭᠰᠡᠨ ᠨᠢ᠄ ︽ᠴᠢ ᠬᠦᠴᠣᠳᠡᠨ ᠤ ᠬᠦᠵᠣᠭᠦᠣ ᠶᠢ ᠮᠣᠰᠬᠢᠵᠣ᠂ ᠪᠦᠬᠡ ᠶᠢᠨ ᠪᠦᠭᠰᠡ ᠶᠢ ᠲᠠᠷᠣᠵᠣ ᠦᠭᠪᠡ᠃ ᠬᠤᠪᠢᠯᠠᠢ᠂ ᠵᠡᠯᠮ᠎ᠡ᠂ ᠵᠡᠪᠡ᠂ ᠰᠦᠪᠡᠭᠡᠳᠠᠢ ᠲᠠ ᠲᠦᠷᠪᠡᠨ ᠨᠣᠬᠠᠳ ᠢ ᠰᠡᠳᠬᠢᠭᠰᠡᠨ ᠣᠴᠢᠷ  ᠶᠠᠪᠣᠳᠠᠯ ᠳᠤ ᠪᠠᠨ ᠵᠣᠷᠢᠭᠤᠯᠵᠣ ᠢᠯᠡᠭᠡᠬᠦ  ᠳᠤ᠄      ᠬᠦᠷ ᠭᠡᠰᠡᠨ ᠭᠠᠵᠠᠷ ᠲᠤ ᠮᠢᠨᠢ        ᠬᠦᠷᠣ ᠴᠢᠯᠠᠭᠤᠨ ᠢ ᠬᠡᠮᠭᠡᠯᠡᠵᠣ᠂      ᠬᠠᠯᠳᠠ ᠬᠡᠰᠡᠨ ᠭᠠᠵᠠᠷ ᠲᠤ ᠮᠢᠨᠢ          ᠬᠠᠳᠠ ᠴᠢᠯᠠᠭᠤᠨ ᠢ ᠬᠠᠭ᠎ᠠ ᠴᠣᠬᠢᠵᠣ            ᠴᠡᠭᠡᠨ ᠴᠢᠯᠠᠭᠤ ᠶᠢ ᠴᠣᠭᠤᠯᠣᠨ            ᠴᠡᠭᠡᠯ ᠤᠨ ᠣᠰᠣᠨ ᠢ ᠲᠣᠯᠬᠢᠶᠠᠯᠠᠭᠤᠯᠳᠠᠭ          ᠬᠤᠪᠢᠯᠠᠢ᠂ ᠵᠡᠯᠮ᠎ᠠ᠂ ᠵᠡᠪᠡ᠂ ᠰᠦᠪᠡᠭᠡᠳᠠᠢ ᠲᠦᠷᠪᠡᠨ ᠰᠠᠶᠢᠨ ᠨᠣᠬᠠᠢ ᠪᠠᠨ ᠵᠣᠷᠢᠭᠰᠠᠨ ᠭᠠᠵᠠᠷ ᠲᠤ ᠪᠠᠨ ᠢᠯᠡᠭᠡᠵᠣ᠂ ᠪᠣᠭᠤᠷᠴᠣ᠂ ᠮᠣᠬᠤᠯᠠᠢ᠂ ᠪᠣᠷᠣᠬᠤᠯ᠂ ᠴᠢᠯᠠᠭᠤᠨ ᠲᠦᠷᠪᠡᠨ ᠬᠦᠯᠦᠭ ᠪᠠᠭᠠᠳᠣᠷ ᠢᠶᠠᠨ ᠲᠡᠷᠭᠡᠳᠡ ᠪᠠᠨ ᠪᠠᠶᠢᠯᠭᠠᠵᠣ᠂ ᠪᠠᠶᠢᠯᠳᠣᠬᠤ ᠡᠳᠣᠷ ᠤᠳ ᠲᠤ ᠬᠠᠮᠤᠭ ᠤᠨ ᠲᠡᠷᠢᠭᠦᠨ ᠳᠤ ᠦᠷᠨᠥᠭᠦᠳ᠂ ᠮᠠᠩᠭᠤᠳ ᠤᠨ ᠴᠡᠷᠢᠭ ᠢ ᠵᠦᠷᠴᠢᠳᠠᠢ᠂ ᠬᠤᠶᠢᠯᠳᠠᠷ ᠬᠤᠶᠠᠷ ᠢᠶᠠᠷ ᠵᠠᠬᠢᠷᠣᠭᠤᠯᠣᠨ ᠮᠣᠷᠳᠠᠭᠤᠯᠪᠠᠯ ᠣᠷᠢᠳᠠ ᠪᠠᠨ ᠰᠠᠶ᠋ᠢ ᠰᠡᠳᠬᠢᠯ ᠮᠢᠨᠢ ᠠᠮᠠᠷᠠᠳᠠᠭ ᠪᠠᠶᠢᠭᠰᠠᠨ ᠪᠢᠯᠡ︾  ᠭᠡᠵᠡᠢ᠃ ᠲᠡᠶᠢᠨ ᠬᠦ ︽ᠬᠤᠪᠢᠯᠠᠢ ᠴᠢ ᠴᠡᠷᠢᠭ ᠤᠨ ᠪᠦᠬᠦ ᠦᠢᠯᠡ ᠬᠡᠷᠡᠭ ᠢ ᠠᠬᠠᠯᠠᠨ ᠮᠡᠳᠡᠵᠣ ᠪᠠᠶᠢᠭᠳᠣᠨ︾ ( 221 ) ᠭᠡᠵᠤ ᠰᠣᠶᠣᠷᠬᠠᠨ ᠪᠦᠬᠦ ᠴᠡᠷᠢᠭ ᠤᠨ ᠶᠡᠷᠥᠩᠭᠡᠶᠢᠯᠡᠨ ᠵᠠᠬᠢᠷᠣᠭᠴᠢ ᠪᠣᠯᠭᠠᠪᠠ᠃ ᠵᠡᠯᠮ᠎ᠠ ᠶᠢ ᠲᠦᠷᠦᠬᠦ ᠴᠠᠭ ᠲᠤ ᠬᠠᠮᠳᠣ ᠲᠦᠷᠦᠭᠰᠡᠨ᠂ ᠦᠰᠬᠦ ᠦᠶ᠎ᠡ ᠳᠤ ᠬᠠᠮᠳᠣ ᠦᠰᠦᠭᠰᠡᠨ᠂ ᠪᠣᠯᠠᠭᠠᠨ ᠨᠡᠯᠭᠡ ᠶᠢᠨ ᠢᠵᠠᠭᠤᠷ ᠲᠠᠢ ᠦᠯᠵᠡᠶᠢᠳᠣ ᠪᠣᠶᠠᠨᠳᠣ ᠵᠡᠯᠮ᠎ᠠ ᠴᠢᠮ᠎ᠠ ᠶᠢ ᠶᠢᠰᠣᠨ ᠣᠳᠠᠭ᠎ᠠ ᠣᠰᠣᠯ ᠬᠢᠪᠡᠴᠣ ᠶᠠᠯ᠎ᠠ ᠠᠰᠠᠭᠤᠬᠤ ᠦᠭᠡᠢ︾ ( 211 ) ᠭᠡᠵᠤ ᠰᠣᠶᠣᠷᠬᠠᠪᠠ᠃ ︽ᠵᠡᠪᠡ᠂ ᠰᠦᠪᠡᠭᠡᠳᠠᠢ ᠬᠤᠶᠠᠷ ᠢ ᠦᠪᠡᠷ ᠤᠨ ᠣᠯᠣᠭᠰᠠᠨ ᠪᠠᠷᠢᠭᠰᠠᠨ ᠢᠷᠭᠡᠨ ᠢᠶᠠᠨ ᠮᠢᠩᠭ᠎ᠠ ᠲᠦᠭᠦᠷᠭᠡᠵᠣ ᠵᠠᠬᠢᠷᠣᠭᠳᠣᠨ︾ (221 ) ᠭᠡᠵᠤ ᠰᠣᠶᠣᠷᠬᠠᠪᠠ᠃ ᠬᠤᠪᠢᠯᠠᠢ᠂ ᠵᠡᠯᠮ᠎ᠡ᠂ ᠵᠡᠪᠡ᠂ ᠰᠦᠪᠡᠭᠡᠳᠠᠢ ᠲᠦᠷᠪᠡᠭᠦᠯᠡ ᠪᠣᠯ ᠴᠢᠩᠭᠢᠰ ᠬᠠᠭᠠᠨ ᠤ ᠢᠳᠡᠭᠡᠯᠳᠠᠢ᠂ ᠭᠠᠪᠢᠶᠠᠳᠣ  ᠰᠠᠶᠢᠳ᠂ ᠲᠣᠳᠣᠨᠣ ᠨᠦᠬᠦᠷ ᠨᠢ ᠪᠣᠯᠬᠤ ᠶᠤᠮ᠃        ︽ᠨᠢᠭᠤᠴᠠ ᠲᠣᠪᠴᠢᠶᠠᠨ︾ ᠳᠤ ᠪᠣᠭᠤᠷᠴᠣ᠂ ᠮᠣᠬᠤᠯᠠᠢ᠂ ᠪᠣᠷᠣᠬᠤᠯ᠂ ᠴᠢᠯᠠᠭᠤᠨ ᠲᠦᠷᠪᠡ ᠶᠢ ᠴᠢᠩᠭᠢᠰ ᠬᠠᠭᠠᠨ ᠤ ᠲᠦᠷᠪᠡᠨ ᠬᠦᠯᠦᠭ ᠪᠠᠭᠠᠳᠣᠷ ᠭᠡᠳᠡᠭ ᠲᠠᠢ ᠠᠳᠠᠯᠢ ᠬᠤᠪᠢᠯᠠᠢ᠂ ᠵᠡᠯᠮ᠎ᠡ᠂ ᠵᠡᠪᠡ᠂ ᠰᠦᠪᠡᠭᠡᠳᠠᠢ ᠲᠦᠷᠪᠡᠭᠦᠯᠡ ᠪᠣᠯ ᠴᠢᠩᠭᠢᠰ ᠬᠠᠭᠠᠨ ᠤ ᠲᠦᠷᠪᠡᠨ ᠨᠣᠬᠠᠢ ᠨᠢ ᠪᠣᠯᠣᠨ᠎ᠠ᠃ ᠴᠢᠩᠭᠢᠰ ᠬᠠᠭᠠᠨ ᠲᠦᠷᠪᠡᠨ ᠬᠦᠯᠦᠭ  ᠲᠤ ᠪᠠᠨ ᠶᠠᠭᠠᠬᠢᠵᠣ ᠰᠠᠶᠢᠨ ᠢᠶᠠᠷ ᠬᠠᠨᠳᠣᠵᠣ ᠪᠠᠶᠢᠭᠰᠠᠨ ᠪᠣᠯ ᠲᠦᠷᠪᠡᠨ ᠨᠣᠬᠠᠢ ᠳᠤ ᠪᠠᠨ ᠴᠦ ᠲᠡᠭᠡᠵᠣ ᠬᠠᠨᠳᠣᠵᠣ ᠪᠠᠶᠢᠭᠰᠠᠨ ᠨᠢ ᠢᠯᠡᠬᠡᠨ ᠮᠡᠳᠡᠭᠳᠡᠵᠣ ᠪᠣᠢ᠃ 1204 ᠣᠨ ᠳᠤ ᠴᠢᠩᠭᠢᠰ ᠬᠠᠭᠠᠨ ᠵᠡᠪᠡ᠂ ᠬᠤᠪᠢᠯᠠᠢ ᠬᠤᠶᠠᠷ ᠢᠶᠠᠷ ᠴᠡᠷᠢᠭ ᠤᠨ ᠮᠠᠩᠯᠠᠢ ᠪᠣᠯᠭᠠᠵᠣ᠂  ᠨᠠᠬᠤ ᠬᠤᠨ ᠭᠡᠳᠡᠭ ᠭᠠᠵᠠᠷ ᠨᠠᠢᠮᠠᠨ ᠤ ᠲᠠᠶᠠᠨ ᠬᠠᠭᠠᠨ ᠢ ᠲᠠᠭᠠᠷᠢᠬᠤ ᠳᠤ ᠲᠠᠶᠠᠨ ᠬᠠᠭᠠᠨ᠄ ︽ᠬᠤᠨᠢᠨ ᠤ ᠰᠦᠷᠦᠭ ᠬᠤᠳᠠᠨ ᠳᠤᠨᠢ ᠬᠦᠷᠳᠡᠯ᠎ᠡ ᠥᠯᠳᠡᠵᠣ ᠶᠠᠪᠣᠬᠤ ᠴᠢᠨ᠋ᠸ᠎ᠠ ᠮᠡᠳᠣ ᠲᠣᠪᠳᠣᠯᠣᠭᠴᠢ ᠲᠡᠷᠡ ᠶᠠᠮᠠᠷ ᠬᠦᠮᠣᠰ ᠪᠣᠢ︖︾ ᠭᠡᠵᠤ ᠠᠰᠠᠭᠤᠭᠰᠠᠨ   ᠳᠤ᠂ ᠵᠠᠮᠤᠬ᠎ᠠ᠄ ᠮᠠᠨ ᠤ ᠬᠠᠷᠠᠭᠤᠯ ᠢ ᠦᠯᠳᠡᠵᠣ ᠢᠷᠡᠭᠴᠢᠳ ᠪᠣᠯ ᠲᠡᠮᠣᠵᠢᠨ ᠠᠨᠳᠠ ᠶᠢᠨ ᠬᠦᠮᠣᠨ ᠤ ᠮᠢᠬ᠎ᠠ ᠪᠠᠷ ᠲᠡᠵᠢᠭᠡᠵᠣ ᠬᠢᠨᠵᠢᠯᠡᠵᠣ ᠪᠠᠶᠢᠳᠠᠭ ᠲᠦᠷᠪᠡᠨ ᠨᠣᠬᠠᠢ ᠮᠥᠨ᠃ ᠲᠡᠷᠡ ᠲᠦᠷᠪᠡᠨ ᠨᠣᠬᠠᠢ ᠪᠣᠯ᠄      ︽ᠰᠢᠷᠡᠮᠣᠨ ᠲᠡᠮᠣᠷ ᠮᠠᠩᠨᠠᠢ ᠲᠠᠢ      ᠰᠢᠪᠦᠭᠡ ᠬᠤᠷᠴᠠ ᠬᠡᠯᠡ ᠲᠠᠢ      ᠭᠠᠩ ᠲᠡᠮᠣᠷ ᠵᠢᠷᠣᠭᠡ ᠲᠠᠢ      ᠭᠠᠳᠠᠰᠣ ᠴᠦᠴᠡ ᠬᠤᠰᠢᠭᠤ ᠲᠠᠢ      ᠲᠡᠷᠡ ᠲᠦᠷᠪᠡᠨ ᠨᠣᠬᠠᠢ      ᠰᠢᠭᠦᠳᠡᠷᠢ ᠪᠠᠷ ᠬᠤᠭᠤᠯᠠ ᠬᠢᠵᠣ      ᠰᠠᠯᠬᠢ ᠪᠠᠷ ᠣᠨᠤᠭ᠎ᠠ ᠬᠢᠵᠣ      ᠢᠯᠳᠣ ᠪᠠᠷ ᠮᠢᠯᠠᠭ᠎ᠠ ᠬᠢᠵᠣ ᠶᠠᠪᠣᠳᠠᠭ      ᠠᠯᠠᠯᠳᠣᠬᠤ ᠡᠳᠣᠷ      ᠠᠩ ᠤᠨ ᠮᠢᠬ᠎ᠠ ᠶᠢ ᠢᠳᠡᠳᠡᠭ      ᠬᠦᠨᠦᠭᠡᠯᠳᠦᠬᠦ ᠡᠳᠣᠷ      ᠬᠦᠮᠣᠨ ᠤ ᠮᠢᠬ᠎ᠠ ᠪᠠᠷ ᠬᠦᠨᠡᠰᠣᠯᠡᠳᠡᠭ᠃      ᠣᠳᠣ ᠲᠡᠮᠣᠷ ᠬᠢᠨᠵᠢ ᠠᠴᠠ ᠪᠠᠨ ᠮᠣᠯᠳᠣᠷᠠᠵᠣ᠂ ᠠᠮᠠᠭᠠᠢ ᠵᠢᠯᠣᠭᠤ ᠦᠭᠡᠢ ᠬᠦᠭᠡᠷᠣᠨ ᠪᠠᠶᠠᠰᠴᠣ ᠲᠡᠭᠡᠵᠣ ᠰᠢᠯᠢᠪᠠᠯᠵᠠᠨ ᠢᠷᠡᠬᠦ ᠠᠵᠠᠢ︾᠂ ᠲᠡᠷᠡ ᠲᠦᠷᠪᠡᠨ ᠨᠣᠬᠠᠢ ᠪᠣᠯ ᠵᠡᠪᠡ᠂ ᠬᠤᠪᠢᠯᠠᠢ ᠬᠤᠶᠠᠷ ᠵᠡᠯᠮ᠎ᠡ᠂ ᠰᠦᠪᠡᠭᠡᠳᠠᠢ ᠪᠠᠭᠠᠳᠣᠷ ᠲᠦᠷᠪᠡᠭᠦᠯᠡ ᠪᠣᠯᠠᠢ︾ ( 195 ) ᠭᠡᠵᠤ ᠬᠡᠯᠡᠭᠡᠳ ᠲᠠᠶᠠᠨ ᠬᠠᠨ ᠢ ᠵᠢᠷᠣᠬᠡ ᠶᠢ ᠨᠢ ᠬᠠᠭᠠᠷᠠᠳᠠᠯ᠎ᠠ ᠠᠶᠣᠯᠭᠠᠪᠠ᠃      ᠶᠢᠰᠣᠭᠡᠢ ᠪᠠᠭᠠᠳᠣᠷ ᠲᠡᠮᠣᠵᠢᠨ ᠢ ᠶᠢᠰᠣᠨ ᠨᠠᠰᠣᠳᠠᠢ ᠪᠠᠶᠢᠬᠤ ᠳᠤ ᠪᠡᠷᠢ ᠭᠤᠶᠣᠵᠣ ᠦᠭᠬᠦ   ᠪᠠᠷ ᠶᠠᠪᠣᠭᠠᠳ ᠪᠣᠴᠠᠵᠣ ᠢᠷᠡᠭᠦ ᠦᠶᠡᠰ ᠲᠤ ᠳ᠋ᠠᠢ ᠰᠡᠴᠡᠨ ᠳᠤ ᠬᠡᠯᠡᠭᠰᠡᠨ ᠨᠢ᠄ ︽ᠬᠦᠣ ᠪᠠᠨ ᠬᠦᠷᠭᠡᠨ ᠪᠣᠯᠭᠠᠬᠤ ᠪᠠᠷ ᠲᠠᠨ ᠤ ᠭᠡᠷ  ᠲᠤ ᠣᠷᠬᠢᠭᠠᠳ ᠪᠣᠴᠠᠶ᠎ᠠ᠃ ᠭᠡᠪᠡᠴᠣ ᠬᠦᠣ ᠮᠢᠨᠢ ᠨᠣᠬᠠᠢ ᠠᠴᠠ ᠰᠣᠴᠢᠮᠠᠳᠠᠭᠠᠢ ᠶᠤᠮ᠃ ᠬᠤᠳᠠ ᠬᠦᠣ ᠶᠢ ᠮᠢᠨᠢ ᠨᠣᠬᠠᠢ ᠠᠴᠠ ᠪᠣᠣ ᠰᠣᠴᠢᠭᠠᠭᠠᠷᠠᠢ︾ ( 20 ) ᠭᠡᠵᠤ ᠬᠡᠯᠡᠭᠰᠡᠨ ᠪᠠᠶᠢᠳᠠᠭ᠃ ᠡᠨᠡ ᠨᠢ ︽ᠮᠣᠩᠭᠤᠯ ‍ᠤᠨ‌ᠨᠢᠭᠤᠴᠠ ᠲᠣᠪᠴᠢᠶᠠᠨ︾ ᠲᠣᠳᠣᠷ᠎ᠠ ᠠᠩᠬ᠎ᠠ ᠣᠳᠠᠭ᠎ᠠ ᠭᠠᠷᠣᠭᠰᠠᠨ ᠨᠣᠬᠠᠢ ᠲᠠᠢ ᠬᠤᠯᠪᠣᠭᠳᠠᠭᠰᠠᠨ ᠦᠭᠡ ᠦᠭᠦᠯᠡᠪᠣᠷᠢ ᠪᠣᠯᠣᠨ᠎ᠠ᠃ ᠪᠠᠭ᠎ᠠ ᠨᠠᠰᠣᠨ ᠤ ᠲᠡᠮᠣᠵᠢᠨ ᠨᠣᠬᠠᠢ ᠠᠴᠠ ᠰᠣᠴᠢᠮᠠᠳᠠᠭᠠᠢ ᠪᠠᠶᠢᠭᠰᠠᠨ ᠨᠢ ᠶᠠᠷᠢᠶᠠᠨ ᠦᠭᠡᠢ ᠠᠮᠢᠳᠣᠷᠠᠯ ᠲᠣᠮᠳᠠᠬᠢ ᠦᠨᠡᠨ ᠬᠡᠷᠡᠭ ᠪᠠᠶᠢᠵᠣ ᠮᠡᠳᠡᠨ᠎ᠡ᠃ ᠡᠨᠡ ᠨᠢ ᠬᠠᠷᠢᠨ ᠡᠵᠡᠨ  ᠴᠢᠩᠭᠢᠰ ᠬᠠᠭᠠᠨ ᠤ ᠶᠡᠭᠡ ᠦᠢᠯᠡᠰ ᠢ ᠪᠦᠳᠣᠭᠡᠬᠦ ᠦᠶ᠎ᠡ ᠳᠤ ᠪᠠᠭᠠᠳᠣᠷ ᠵᠠᠩᠵᠣᠨ ᠢᠶᠠᠨ︽ᠨᠣᠬᠠᠢ︾ ᠭᠡᠬᠦ ᠴᠣᠯᠠ ᠣᠯᠭᠤᠵᠣ ᠲᠠᠶᠢᠨ ᠪᠠᠶᠢᠯᠳᠣᠭᠠᠨ ᠳᠤ ᠭᠠᠪᠰᠢᠭᠠᠶᠢᠯᠠᠭᠤᠯᠵᠣ ᠪᠠᠶᠢᠳᠠᠭ ᠨᠢ ᠲᠡᠬᠦᠨ ᠤ ᠶᠠᠭ ᠰᠠᠶ᠋ᠢᠬᠠᠨ ᠪᠠᠭ᠎ᠠ ᠤᠨ ᠦᠶ᠎ᠡ ᠶᠢᠨ ᠨᠣᠬᠠᠢ ᠠᠴᠠ ᠰᠣᠴᠢᠮᠠᠳᠠᠭᠠᠢ ᠭᠡᠳᠡᠭ ᠦᠭᠡ ᠲᠠᠢ ᠬᠤᠯᠪᠣᠵᠣ ᠦᠵᠡᠵᠣ ᠪᠣᠯᠣᠨ᠎ᠠ ᠭᠡᠵᠤ ᠪᠢ ᠦᠵᠡᠵᠣ ᠪᠣᠢ᠃ ᠶᠠᠭ ᠲᠡᠶᠢᠮᠣ ᠠᠴᠠ ᠪᠠᠭ᠎ᠠ ᠨᠠᠰᠣᠨ  ᠤ ᠲᠡᠮᠣᠵᠢᠨ ᠨᠣᠬᠠᠢ ᠠᠴᠠ ᠰᠣᠴᠢᠵᠣ ᠠᠶᠣᠳᠠᠭ ᠪᠣᠯᠬᠤᠷ ᠰᠠᠶ᠋ᠢ ︽ᠨᠣᠬᠠᠢ︾  ᠭᠡᠳᠡᠭ ᠠᠮᠢᠳᠠᠨ ᠤ ᠬᠡᠳᠡᠷ ᠲᠣᠭᠰᠢᠨ ᠴᠢᠨᠠᠷ ᠢ ᠦᠨᠳᠣᠰᠣᠯᠡᠨ ᠵᠠᠩᠵᠣᠨ ᠨᠠᠷ ᠢᠶᠠᠨ ᠨᠡᠷᠡᠯᠡᠵᠣ᠂ ᠲᠠᠶᠢᠰᠣᠨ ᠡᠳᠡᠬᠡᠳ ᠵᠶ᠋ᠠᠨ‌ᠢᠯᠠᠬᠤ ᠳᠤ ︽ᠨᠣᠬᠠᠢ︾ ᠰᠢᠭ᠋ ᠰᠢᠭᠤᠳᠠᠮᠠᠭ᠂ ᠵᠣᠷᠢᠮᠠᠭ᠂ ᠲᠣᠭᠰᠢᠨ ᠪᠠᠶᠢᠵᠣ ᠢᠯᠠᠯᠳᠠ ᠣᠯᠬᠤ ᠳᠤ ᠨᠢ ᠰᠢᠭᠤᠳ ᠨᠦᠯᠥᠭᠡᠯᠡᠬᠦ ᠬᠦᠴᠣᠨ ᠪᠣᠯᠭᠠᠵᠣ ᠦᠭᠬᠦᠭᠰᠡᠨ ᠪᠠᠶᠢᠵᠣ ᠮᠡᠳᠡᠨ᠎ᠡ᠃ ᠮᠦᠨ ᠲᠡᠮᠣᠵᠢᠨ ᠢ ᠪᠠᠭ᠎ᠠ ᠳᠤ ᠦᠭᠡᠯᠣᠨ ᠦᠵᠢᠨ ᠲᠡᠮᠣᠵᠢᠨ  ᠤ ᠬᠡᠷᠡᠭ ᠬᠢᠭᠰᠡᠨ ᠢ ᠮᠡᠳᠡᠵᠣ ᠠᠭᠤᠷᠯᠠᠭᠰᠠᠨ ᠨᠢ᠄            ︽ᠬᠠᠯᠠᠭᠤᠨ ᠬᠡᠪᠡᠯᠢ ᠠᠴᠠ ᠮᠢᠨᠢ              ᠬᠠᠯᠳᠣ ᠲᠦᠷᠣᠵᠣ ᠭᠠᠷᠬᠤ ᠳᠠᠭᠠᠨ              ᠭᠠᠷ ᠲᠠᠭᠠᠨ ᠲᠡᠮᠣᠵᠢᠨ ᠴᠢ              ᠬᠠᠷ᠎ᠠ ᠨᠦᠵᠢ ᠠᠳᠬᠤᠵᠣ ᠲᠦᠷᠦᠯ᠎ᠡ              ᠬᠠᠷᠪᠢᠰᠣ ᠪᠠᠨ ᠬᠠᠵᠠᠬᠤ              ᠬᠠᠰᠠᠷ ᠨᠡᠷ᠎ᠡ ᠲᠠᠢ ᠨᠣᠬᠠᠢ ᠮᠡᠳᠣ            ᠬᠠᠳᠠᠨ ᠳᠤ ᠲᠣᠪᠳᠣᠯᠠᠬᠤ              ᠬᠠᠷᠴᠠᠭ᠎ᠠ ᠱᠣᠩᠬᠤᠷ ᠮᠡᠳᠣ              ᠠᠭᠤᠷ ᠢᠶᠠᠨ ᠲᠠᠷᠣᠨ ᠶᠠᠳᠠᠬᠤ              ᠣᠮᠣᠭᠳᠣ ᠠᠷᠰᠠᠯᠠᠨ ᠮᠡᠳᠣ ……︾ ( 27 ) ᠭᠡᠵᠡᠢ᠃            ᠦᠭᠡᠯᠣᠨ ᠦᠵᠢᠨ ᠬᠡᠳᠣᠶᠢᠪᠡᠷ ᠠᠭᠤᠷᠯᠠᠵᠣ ᠶᠠᠷᠢᠭᠰᠡᠨ ᠦᠭᠡ ᠪᠣᠯᠪᠠᠴᠣ᠂ ︽ᠨᠣᠬᠠᠢ︾ ᠮᠡᠳᠣ ᠬᠡᠳᠡᠷ ᠲᠣᠭᠰᠢᠨ ᠵᠠᠩ ᠠᠷᠠᠨᠰᠢᠨ ᠲᠡᠮᠣᠵᠢᠨ ᠳᠤ ᠪᠠᠶᠢᠭᠰᠠᠨ ᠪᠠᠶᠢᠵᠣ ᠮᠡᠳᠡᠬᠦ ᠶᠤᠮ᠃  ᠲᠡᠭᠡᠬᠦ ᠦᠭᠡᠢ ᠪᠣᠯ ᠲᠡᠷᠡ ᠶᠠᠭᠠᠬᠢᠵᠣ ᠬᠡᠳᠣᠬᠡᠨ ᠲᠦᠮᠡᠨ ᠴᠡᠷᠢᠭ ᠢᠶᠠᠷ ᠦᠪᠡᠷ ᠠᠴᠠ ᠨᠢ ᠬᠡᠳᠣᠨ ᠠᠷᠪᠠᠨ ᠲᠠᠬᠢᠨ ᠲᠠᠶᠢᠰᠣᠨ ᠢ ᠢᠯᠠᠬᠤ ᠰᠦᠷ ᠬᠦᠴᠣᠨ ᠪᠠᠶᠢᠬᠤ ᠪᠣᠢ᠃ ᠲᠠᠶᠢᠨ ᠪᠠᠶᠢᠯᠳᠣᠭᠠᠨ ᠪᠣᠯ ᠬᠤᠷᠴᠠ ᠴᠢᠳᠠᠮᠠᠭᠠᠢ ᠠᠷᠭ᠎ᠠ ᠣᠬᠠᠭᠠᠨ ᠲᠡᠳᠣᠢ ᠦᠭᠡᠢ ᠪᠠᠰᠠ ᠨᠢᠭᠡ ᠵᠦᠢᠯ ᠤᠨ ︽ᠨᠣᠬᠠᠢ︾ ᠰᠢᠭ᠋ ᠲᠠᠶᠢᠰᠣᠨ ᠤ ᠪᠠᠨ ᠵᠦᠭ ᠲᠠᠭᠠᠷᠢᠨ ᠣᠷᠣᠬᠤ ᠲᠣᠭᠰᠢᠨ ᠲᠦᠷᠭᠡᠨ ᠨᠢᠭᠤᠴᠠ ᠬᠦᠴᠣᠨ ᠪᠠᠶᠢᠬᠤ ᠬᠡᠷᠡᠭᠳᠠᠢ᠃ ᠲᠡᠮᠣᠵᠢᠨ ᠤ ᠦᠪᠡᠷ ᠤᠨ ᠪᠡᠶ᠎ᠡ ᠳᠤ ᠶᠠᠭ ᠰᠠᠶᠢᠬᠠᠨ ᠡᠶᠢᠮᠣᠷᠬᠦᠣ ᠲᠠᠯᠳᠠ ᠬᠦᠴᠣᠨ ᠪᠠᠶᠢᠬᠤ ᠳᠤ ᠪᠠᠨ ᠲᠡᠷᠡ ᠦᠪᠡᠷ ᠤᠨ ᠬᠠᠵᠠᠭᠤ ᠳᠠᠬᠢ ᠵᠠᠩᠵᠣᠨ ᠰᠠᠶᠢᠳ ᠢᠶᠠᠨ ︽ᠨᠣᠬᠠᠢ︾ ᠰᠢᠭ᠋ ᠰᠣᠷᠭᠠᠵᠣ᠂ ᠲᠠᠶᠢᠰᠣᠨ ᠢᠶᠠᠨ ᠲᠠᠷᠣᠵᠣ ᠲᠠᠷᠬᠠᠨ ᠴᠣᠯᠠ ᠪᠠᠨ ᠮᠠᠨᠳᠣᠭᠤᠯᠵᠣ ᠪᠠᠶᠢᠳᠠᠭ᠃ ᠲᠣᠰ ᠪᠠᠳᠠᠭ ᠦᠭᠡ ᠶᠢ ᠨᠥᠭᠦᠭᠡ ᠨᠢᠭᠡ ᠲᠠᠯ᠎ᠠ ᠠᠴᠠ ᠣᠶᠢᠯᠭᠠᠵᠣ ᠪᠣᠯᠬᠤ ᠨᠢ᠂ ᠬᠠᠷ᠎ᠠ ᠨᠣᠬᠠᠢ ᠶᠢ ᠬᠠᠷᠴᠠᠭ᠎ᠠ ᠱᠣᠩᠬᠤᠷ᠂ ᠣᠮᠣᠭᠳᠣ ᠠᠷᠰᠯᠠᠨ…… ᠮᠡᠳᠣ ᠶᠢᠨ ᠲᠣᠭᠰᠢᠨ ᠰᠦᠷᠡᠳᠠᠢ ᠠᠮᠢᠳᠠᠨ ᠲᠠᠢ ᠵᠡᠷᠭᠡᠴᠡᠬᠦᠯᠥᠭᠰᠡᠨ‌ᠡᠴᠠ ᠦᠵᠡᠬᠦ ᠳᠤ ᠨᠣᠬᠠᠢ ᠪᠣᠯ ᠠᠷᠰᠯᠠᠨ ᠪᠠᠷᠰ  ᠲᠠᠢ ᠠᠳᠠᠯᠢ ᠲᠣᠭᠰᠢᠨ ᠰᠦᠷᠡᠳᠠᠢ ᠭᠡᠳᠡᠭ   ᠢ ᠬᠠᠷᠠᠭᠤᠯᠵᠣ ᠪᠣᠢ᠃            ᠡᠭᠦᠨ ᠠᠴᠠ ᠭᠠᠳᠠᠨ᠎ᠠ᠂ ᠵᠦᠴᠢ᠂ ᠴᠠᠭᠠᠳᠠᠢ᠂ ᠦᠭᠡᠳᠠᠢ ᠭᠤᠷᠪᠠᠭᠤᠯᠠ ᠪᠠᠨ ᠥᠷᠥᠩᠺᠡᠴᠢ ᠬᠤᠳᠠ ᠶᠢ ᠣᠷᠣᠭᠤᠯᠣᠨ ᠠᠪᠣᠭᠠᠳ ᠬᠤᠳᠠ ᠶᠢᠨ ᠡᠳ᠋ ᠪᠠᠷᠠᠭ᠎ᠠ ᠪᠣᠯᠣᠨ ᠢᠷᠭᠡᠨ ᠢ ᠬᠤᠪᠢᠶᠠᠵᠣ ᠦᠭᠬᠦᠭᠰᠡᠨ ᠦᠭᠡᠢ ᠭᠡᠵᠤ ᠴᠢᠩᠭᠢᠰ ᠬᠠᠭᠠᠨ ᠭᠤᠷᠪᠠᠨ ᠬᠦᠪᠡᠭᠦᠨ ᠳᠡᠭᠡᠨ ᠠᠭᠤᠷᠯᠠᠵᠣ ᠭᠤᠷᠪᠠᠨ ᠡᠳᠣᠷ ᠡᠰᠡ ᠠᠭᠤᠯᠵᠠᠭᠰᠠᠨ ᠳᠤ᠂ ᠬᠤᠩᠬᠠᠢ ᠬᠤᠷᠴᠢ᠂ ᠬᠤᠩᠳᠠᠭᠠᠷ ᠬᠤᠷᠴᠢ᠂ ᠴᠣᠷᠮᠠᠬᠠᠨ ᠬᠤᠷᠴᠢ ᠭᠤᠷᠪᠠᠭᠤᠯᠠ ᠴᠢᠩᠭᠢᠰ ᠬᠠᠭᠠᠨ ᠳᠤ᠄ ︽ᠨᠠᠷᠠᠨ ᠰᠢᠩᠭᠢᠬᠦ  ᠠᠴᠠ ᠣᠷᠭᠤᠬᠤ ᠳᠤ ᠬᠦᠷᠳᠡᠯ᠎ᠡ ᠲᠡᠶᠢᠨ ᠢᠷᠭᠡᠨ ᠪᠣᠢ᠃ ᠮᠠᠨ ᠢ ᠲᠦᠪᠡᠳ ᠤᠳ ᠨᠣᠬᠠᠳ ᠢᠶᠠᠨ ᠲᠣᠬᠢᠷᠴᠣ ᠢᠯᠡᠭᠡᠪᠡᠰᠣ᠂ ᠲᠠᠶᠢᠨ ᠢᠷᠭᠡᠨ ᠢ ᠪᠠ ᠲᠡᠭᠷᠢ ᠭᠠᠵᠠᠷ᠎ᠠ ᠬᠦᠷᠴᠣ ᠬᠦᠴᠣ ᠨᠡᠮᠡᠭᠳᠡᠵᠣ ᠠᠯᠳᠠ ᠮᠦᠩᠭᠦ ᠠᠭᠤᠷᠰᠣᠨ‌‍ᠲ᠋ᠠᠸᠠᠷ ᠢᠷᠭᠡᠨ ᠣᠷᠬᠠᠨ ᠴᠢᠮᠠᠳᠣ ᠠᠪᠴᠢᠷᠠᠰᠣᠭᠠᠢ︾ ( 260 ) ᠭᠡᠵᠤ ᠴᠢᠩᠭᠢᠰ ᠬᠠᠭᠠᠨ ᠤ ᠠᠭᠤᠷ ᠬᠢᠯᠢᠩ ᠢ ᠲᠠᠶᠢᠯᠵᠣ ᠰᠡᠳᠬᠢᠯ ᠢ ᠠᠮᠠᠷᠠᠭᠤᠯᠬᠤ ᠶᠢᠨ ᠲᠣᠰᠠᠳᠠ ᠭᠤᠷᠪᠠᠨ ᠬᠤᠷᠴᠢ ᠦᠪᠡᠷ   ᠢ ᠪᠠᠨ ᠨᠣᠬᠠᠢ ᠪᠠᠷ ᠵᠦᠢᠷᠯᠡᠵᠣ ᠬᠡᠯᠡᠪᠡ᠃ ᠡᠨᠡ ᠦᠭᠡ ᠶᠢ ᠰᠣᠨᠣᠰᠴᠣ ᠴᠢᠩᠭᠢᠰ ᠬᠠᠭᠠᠨ ᠤ ᠬᠢᠯᠢᠩ ᠲᠠᠶᠢᠳᠬᠠᠷᠠᠵᠣ ᠵᠥᠪᠰᠢᠶᠡᠷᠡᠭᠡᠳ ᠬᠤᠩᠬᠠᠢ᠂ ᠬᠤᠩᠳᠠᠭᠠᠷ᠂ ᠴᠣᠷᠮᠠᠬᠠᠨ ᠭᠤᠷᠪᠠᠨ ᠬᠤᠷᠴᠢ ᠶᠢ ᠰᠣᠶᠣᠷᠬᠠᠵᠣ᠂ ᠠᠳᠠᠷᠬᠢᠨ ᠤ ᠬᠤᠩᠬᠠᠢ᠂ ᠲᠣᠯᠣᠩᠬᠢᠷ  ᠤᠨ ᠬᠤᠩᠳᠠᠭᠠᠷ ᠬᠤᠶᠠᠷ ᠢ  ᠲᠡᠷᠭᠡᠳᠡ ᠪᠠᠨ ᠦᠯᠡᠳᠡᠭᠡᠵᠣ᠂ ᠦᠳᠡᠭᠡ ᠶᠢᠨ ᠴᠣᠷᠮᠠᠬᠠᠨ ᠢ ᠪᠠᠭᠳᠠᠳ ᠣᠯᠣᠰ ᠤᠨ ᠬᠠᠯᠢᠹᠠ  ᠰᠣᠯᠳᠠᠨ ᠳᠤ ᠠᠶᠠᠯᠠᠭᠤᠯᠪᠠ᠃      ᠡᠷᠳᠡᠮᠳᠡᠨ ᠴ᠊· ᠲᠠᠮᠳᠢᠨᠰᠥ᠋ᠷᠥᠩ ᠤᠨ ᠨᠠᠶᠢᠷᠠᠭᠤᠯᠣᠭᠰᠠᠨ ︽ᠮᠣᠩᠭᠤᠯ ᠤᠨ ᠨᠢᠭᠤᠴᠠ ᠲᠣᠪᠴᠢᠶᠠᠨ︾ ᠳᠤ ︽ᠲᠦᠪᠡᠳ ᠨᠣᠬᠠᠳ︾ ᠭᠡᠳᠡᠭ ᠢ ᠲᠣᠶᠢᠯ ᠤᠨ ᠵᠠᠭᠤᠳᠠᠭ ᠨᠣᠬᠠᠢ ᠭᠡᠵᠤ ᠲᠠᠶᠢᠯᠪᠣᠷᠢᠯᠠᠵᠠᠢ᠃ ᠭᠤᠷᠪᠠᠨ ᠬᠤᠷᠴᠢ  ᠶᠢᠨ ᠬᠡᠯᠡᠭᠰᠡᠨ ᠦᠭᠡ ᠠᠴᠠ ᠮᠦᠨ ᠨᠣᠬᠠᠢ ᠨᠢ ᠲᠣᠭᠰᠢᠨ ᠰᠥᠷᠡᠳᠠᠢ ᠲᠦᠷᠢ ᠪᠠᠷ ᠢᠯᠡᠷᠡᠵᠣ ᠪᠠᠶᠢᠭ᠎ᠠ ᠶᠢ ᠮᠡᠳᠡᠵᠣ ᠪᠣᠯᠥᠨ᠎ᠠ᠃      ︽ᠬᠠᠰᠠᠷ ᠤᠨ ᠴᠠᠳᠢᠭ︾ ᠲᠤ[1] ᠬᠠᠪᠣᠳᠣ ᠬᠠᠰᠠᠷ ᠤᠨ ᠵᠢᠩᠬᠢᠨᠢ ᠨᠡᠷ᠎ᠡ ᠨᠢ ᠵᠦᠴᠢ ᠭᠡᠳᠡᠭ᠃ ᠬᠠᠪᠣᠳᠣ ᠬᠠᠰᠠᠷ ᠭᠡᠵᠤ ᠴᠣᠯᠠ ᠪᠠᠷ ᠨᠢ ᠨᠡᠷᠡᠯᠡᠭᠰᠡᠨ ᠣᠳᠬ᠎ᠠ ᠲᠠᠢ ᠭᠡᠵᠡᠢ᠃ ᠬᠠᠪᠣᠳᠣ ᠬᠠᠰᠠᠷ ᠨᠣᠮᠣ ᠬᠠᠷᠪᠣᠬᠤ  ᠳᠠᠭᠠᠨ ᠵᠠᠭᠤᠨ ᠣᠳᠠᠭ᠎ᠠ ᠬᠠᠷᠪᠣᠪᠠᠯ ᠵᠠᠭᠤᠨ ᠣᠳᠠᠭ᠎ᠠ ᠣᠨᠣᠭᠠᠳᠠᠭ ᠮᠡᠷᠭᠡᠨ ᠬᠠᠷᠪᠣᠭᠠᠴᠢ ᠪᠣᠯᠬᠤᠷ ︽ᠬᠠᠪᠣᠳᠣ︾ ᠨᠡᠷ᠎ᠡ ᠣᠯᠵᠠᠢ᠃ ᠬᠠᠰᠠᠷ ᠭᠡᠳᠡᠭ ᠨᠢ ᠲᠣᠭᠰᠢᠨ ᠡᠷᠡᠮᠡᠬᠡᠢ ᠣᠴᠢᠷ ᠠᠴᠠ ︽ᠬᠠᠰᠠᠷ︾ ᠨᠡᠷ᠎ᠡ ᠣᠯᠵᠠᠢ ᠭᠡᠵᠤ ᠲᠡᠣᠬᠡᠨ ᠪᠢᠴᠢᠭ ᠲᠤ ᠲᠡᠮᠳᠡᠭᠯᠡᠵᠣ ᠪᠠᠶᠢᠳᠠᠭ᠃ ︽ᠨᠢᠭᠤᠴᠠ ᠲᠣᠪᠴᠢᠶᠠᠨ︾ ᠳᠤ᠂ ︽ᠬᠠᠰᠠᠷ ᠨᠣᠬᠠᠢ︾ ᠭᠡᠵᠤ ᠭᠠᠷᠣᠭᠰᠠᠨ  ᠢ ᠪᠢ ᠲᠡᠭᠡᠷ᠎ᠡ ᠲᠡᠮᠳᠡᠭᠯᠡᠪᠡ᠃ ᠮᠣᠩᠭᠤᠯ ᠲᠣᠮᠤᠭ ᠲᠤ᠂ ᠲᠠᠭᠤᠷ ᠠᠷᠠᠳ ᠤᠨ ᠪᠦᠭᠡ ᠮᠦᠷᠭᠦᠯ ᠳᠤ ︽ᠬᠠᠰᠠᠷ ᠪᠠᠰᠠᠷ︾ ᠬᠤᠶᠠᠷ ᠨᠣᠬᠠᠢ ᠪᠣᠯ ᠲᠡᠭᠷᠢ ᠶᠢᠨ ᠨᠣᠬᠠᠢ ᠭᠡᠳᠡᠭ ᠪᠠᠶᠢᠪᠠ᠃ ᠮᠦᠨ ︽ᠲᠣᠭᠰᠢᠨ ᠬᠠᠷ᠎ᠠ ᠯᠣᠣᠰ ᠤᠨ ᠬᠠᠭᠠᠨ ᠢ ᠲᠠᠷᠣᠭᠰᠠᠨ ᠨᠢ︾ ᠭᠡᠳᠡᠭ ᠰᠢᠳᠢᠳᠣ ᠦᠯᠢᠭᠡᠷ ᠲᠤ᠂ ᠣᠳᠣᠢ ᠡᠪᠣᠭᠡᠨ ︽ᠬᠠᠰᠠᠷ ᠪᠠᠰᠠᠷ︾ ᠬᠤᠶᠠᠷ ᠨᠣᠬᠠᠢ ᠲᠠᠢ ᠪᠦᠯᠣᠭᠡ᠃ ᠡᠶᠢᠮᠣ ᠠᠴᠠ ᠡᠵᠡᠨ ᠴᠢᠩᠭᠢᠰ ᠤᠨ ᠲᠡᠭᠦᠣ ᠬᠠᠪᠣᠳᠣ ᠬᠠᠰᠠᠷ ᠤᠨ ᠨᠡᠷ᠎ᠡ ᠴᠦ ᠨᠣᠬᠠᠢ ᠶᠢᠨ  ᠲᠣᠭᠰᠢᠨ ᠰᠦᠷᠯᠢᠭ ᠵᠠᠩ ᠠᠷᠠᠨᠰᠢᠨ ᠢᠶᠠᠷ ᠲᠡᠭᠦᠨ ᠤ ᠨᠡᠷ᠎ᠡ ᠶᠢ ᠨᠡᠷᠡᠯᠡᠭᠰᠡᠨ ᠨᠢ ᠢᠯᠡᠬᠡᠨ ᠪᠠᠶᠢᠨ᠎ᠠ᠃      ᠭᠡᠪᠡᠴᠣ ︽ᠮᠣᠩᠭᠤᠯ ᠤᠨ ᠨᠢᠭᠤᠴᠠ ᠲᠣᠪᠴᠢᠶᠠᠨ︾ ᠳᠤ ᠪᠠᠰᠠ ᠬᠦᠬᠡᠴᠣ ᠠᠭᠳᠠᠴᠢ ᠶᠢᠨ ᠡᠬᠡᠨᠡᠷ ᠬᠡᠯᠡᠭᠰᠡᠨ  ᠨᠢ᠄ ︽ᠡᠮ᠎ᠡ ᠬᠦᠮᠣᠨ ᠢ ᠴᠢ ᠨᠣᠬᠠᠢ ᠶᠢᠨ ᠨᠢᠭᠤᠷ ᠲᠠᠢ ᠭᠡᠵᠤ ᠦᠵᠡᠵᠣ ᠪᠣᠢ ᠤᠤ︖︾ (188) ᠭᠡᠰᠡᠨ ᠦᠭᠡ ᠪᠠᠶᠢᠳᠠᠭ᠃ ᠡᠨᠡ ᠦᠭᠡ ᠨᠢ ᠬᠦᠮᠣᠰ ᠤᠨ ᠰᠡᠵᠢᠭ ᠠᠵᠢᠭ ᠢ ᠲᠦᠷᠣᠭᠦᠯᠵᠣ ᠨᠣᠬᠠᠢ ᠭᠡᠳᠡᠭ ᠠᠮᠢᠳᠠᠨ ᠲᠣᠬᠠᠢ ᠶᠢᠨ ᠦᠶ᠎ᠡ ᠶᠢᠨ ᠬᠦᠮᠣᠰ ᠲᠤ ᠴᠣᠬᠤᠮ ᠶᠠᠮᠠᠷ ᠪᠠᠶᠢᠳᠠᠯ ᠲᠠᠢ ᠬᠠᠷᠠᠭᠳᠠᠵᠣ ᠪᠠᠶᠢᠭᠰᠠᠨ ᠳᠤ ᠰᠡᠵᠢᠭ ᠠᠵᠢᠭ ᠲᠦᠷᠦᠭᠦᠯᠪᠡ᠃ ᠪᠣᠯᠠᠭ ᠪᠠᠭᠰᠢ ᠶᠢᠨ ︽︿ᠮᠣᠩᠭᠤᠯ ᠤᠨ ᠨᠢᠭᠤᠴᠠ ᠲᠣᠪᠴᠢᠶᠠᠨ﹀ ᠠᠴᠠ ᠰᠡᠳᠣᠪᠯᠡᠨ ᠮᠣᠩᠭᠤᠯᠴᠣᠳ ᠤᠨ ᠨᠣᠬᠠᠢ  ᠶᠢ ᠰᠢᠳᠣᠳᠡᠭ ᠣᠴᠢᠷ ᠢ ᠰᠢᠨᠵᠢᠯᠡᠬᠦ ᠨᠢ︾ ᠭᠡᠳᠡᠭ ᠦᠭᠦᠯᠡᠯ ᠳᠤ ︽ᠵᠠᠷᠢᠮ ᠬᠦᠮᠣᠨ ᠤ ᠦᠵᠡᠬᠦ ᠪᠠᠷ ᠨᠣᠬᠠᠢ ᠪᠣᠯ ᠬᠦᠯᠢᠴᠡᠩᠭᠦᠢ᠂ ᠨᠣᠮᠣᠬᠠᠨ᠂ ᠦᠨᠡᠨᠴᠢ ᠭᠡᠵᠤ ᠲᠠᠶᠢᠯᠪᠣᠷᠢᠯᠠᠨ᠂ ᠲᠡᠶᠢᠮᠣ ᠪᠣᠯᠬᠤᠷ ︿ᠨᠢᠭᠤᠴᠠ ᠲᠣᠪᠴᠢᠶᠠᠨ﹀ ᠳᠤ ᠵᠡᠪᠡ᠂ ᠵᠡᠯᠮ᠎ᠡ᠂ ᠰᠦᠪᠡᠭᠡᠳᠡᠢ᠂ ᠬᠤᠪᠢᠯᠠᠢ ᠶᠢ ︿ᠲᠦᠷᠪᠡᠨ ᠨᠣᠬᠠᠢ﹀ ᠭᠡᠳᠡᠭ ᠪᠦᠭᠡᠳ ᠬᠤᠩᠬᠠᠢ ᠬᠤᠷᠴᠢ᠂ ᠬᠤᠳᠠᠩᠭᠠᠷ ᠬᠤᠷᠴᠢ᠂ ᠴᠣᠷᠮᠠᠬᠠᠨ ᠬᠤᠷᠴᠢ ᠨᠠᠷ ᠴᠦ ᠦᠪᠡᠷ ᠢ ᠪᠠᠨ ᠨᠣᠬᠠᠢ ᠲᠠᠢ ᠵᠦᠢᠷᠯᠡᠪᠡ ᠭᠡᠵᠤ ᠦᠵᠡᠵᠠᠢ︾ ᠭᠡᠰᠡᠨ ᠪᠠᠶᠢᠳᠠᠭ᠃ ᠶᠠᠷᠢᠶᠠᠨ ᠦᠭᠡᠢ ᠨᠣᠬᠠᠢ ᠪᠣᠯ ᠬᠦᠯᠢᠴᠡᠩᠭᠦᠢ᠂ ᠦᠨᠡᠨᠴᠢ᠂ ᠨᠣᠮᠣᠬᠠᠨ ᠶᠤᠮ᠃ ᠭᠡᠪᠡᠴᠣ ᠡᠨᠡ ᠠᠰᠠᠭᠤᠳᠠᠯ ᠢ ᠪᠢᠳᠡ ︽ᠨᠢᠭᠤᠴᠠ ᠲᠣᠪᠴᠢᠶᠠᠨ︾ ᠲᠡᠭᠡᠷ᠎ᠡ ᠨᠠᠷᠢᠪᠴᠢᠯᠠᠵᠣ ᠰᠢᠨᠵᠢᠯᠡᠪᠡᠯ ᠵᠣᠬᠢᠨ᠎ᠡ ᠭᠡᠵᠤ ᠪᠢ ᠬᠤᠪᠢᠨ ᠳᠤ ᠪᠠᠨ ᠦᠵᠡᠵᠣ ᠪᠣᠢ᠃ ᠨᠣᠬᠠᠢ ᠶᠢᠨ  ᠦᠨᠡᠨᠴᠢ᠂ ᠬᠦᠯᠢᠴᠡᠩᠭᠦᠢ᠂ ᠨᠣᠮᠣᠬᠠᠨ ᠭᠡᠳᠡᠭ ᠠᠮᠢᠳᠣ ᠪᠣᠳᠠᠰ  ᠤᠨ ᠣᠬᠠᠭᠠᠨ ᠤ ᠡᠭᠦᠳᠡᠨ ᠠᠴᠠ  ᠠᠮᠢᠳᠠᠨ ᠤ ᠣᠨᠴᠠᠯᠢᠭ ᠠᠴᠠ ᠨᠢ ᠲᠠᠶᠢᠯᠪᠣᠷᠢᠯᠠᠭᠰᠠᠨ ᠡᠨᠡ ᠦᠵᠡᠯᠳᠡ ᠪᠣᠯ ᠵᠦᠪᠭᠡᠨ ᠨᠢᠭᠡ ᠲᠠᠯ᠎ᠠ ᠶᠤᠮ᠃ ᠨᠣᠬᠠᠢ ᠳᠤ ᠬᠦᠯᠢᠴᠡᠩᠭᠦᠢ᠂ ᠨᠣᠮᠣᠬᠠᠨ᠂ ᠦᠨᠡᠨᠴᠢ ᠠᠷᠠᠨᠰᠢᠨ ᠪᠠᠶᠢᠬᠤ ᠠᠴᠠ  ᠭᠠᠳᠠᠨ᠎ᠠ ᠪᠠᠰᠠ ᠶᠠᠭ ᠡᠰᠡᠷᠭᠦ ᠪᠠᠷ ᠲᠣᠭᠰᠢᠨ᠂ ᠬᠠᠷᠭᠢᠰ᠂ ᠶᠠᠭᠤᠨ ᠠᠴᠠ ᠴᠦ ᠰᠦᠷᠳᠡᠳᠡᠭ ᠦᠭᠡᠢ ᠡᠷᠡᠮᠡᠬᠡᠢ ᠵᠠᠩ ᠪᠠᠶᠢᠳᠠᠭ ᠭᠡᠳᠡᠭ ᠢ ᠶᠠᠭᠠᠬᠢᠭᠠᠳ ᠴᠦ ᠦᠯᠣ ᠣᠮᠳᠠᠭᠠᠶᠢᠯᠠᠵᠣ ᠪᠣᠯᠣᠨ᠎ᠠ᠃  ᠨᠣᠬᠠᠢ ᠪᠣᠯ ᠬᠦᠯᠢᠴᠡᠩᠭᠦᠢ᠂ ᠨᠣᠮᠣᠬᠠᠨ᠂ ᠦᠨᠡᠨᠴᠢ ᠭᠡᠳᠡᠭ ᠨᠢ ᠵᠦᠪᠬᠡᠨ ᠲᠡᠷᠡ ᠦᠪᠡᠷ ᠤᠨ ᠡᠵᠡᠨ   ᠳᠤ ᠪᠠᠨ ᠲᠡᠶᠢᠮᠣ ᠪᠠᠶᠢᠳᠠᠭ ᠠᠴᠠ ᠪᠢᠰᠢ ᠬᠠᠷᠢᠨ ᠬᠦᠮᠣᠨ ᠪᠦᠬᠦᠨ ᠳᠤ ᠲᠡᠶᠢᠮᠣ ᠪᠠᠶᠢᠳᠠᠭ ᠦᠭᠡᠢ ᠶᠤᠮ᠃ ᠡᠨᠡ ᠲᠣᠬᠠᠢ ᠪᠠᠭᠠᠷᠢᠨ ᠤ ᠲᠡᠣᠬᠡᠴᠢᠨ ᠷᠠᠰᠢᠫᠣᠩᠰᠤᠭ ︽ᠪᠣᠯᠣᠷ ᠡᠷᠢᠬᠡ︾ ᠰᠣᠳᠣᠷ ᠲᠠᠭᠠᠨ᠄      ︽ᠨᠣᠬᠠᠢ ᠮᠡᠳᠣ ᠨᠦᠬᠦᠷ ᠢ ᠣᠯᠬᠤᠶ᠎ᠠ ᠪᠡᠷᠬᠡ      ᠨᠣᠬᠠᠢ ᠠᠨᠣ ᠦᠭᠡᠭᠦᠣ ᠬᠦᠮᠣᠨ ᠳᠤᠷ ᠲᠡᠵᠢᠶᠡᠭᠳᠡᠪᠡᠰᠣ      ᠪᠠᠶᠠᠨ ᠬᠦᠮᠣᠨ ᠢ ᠦᠯᠣ ᠲᠠᠭᠠᠮᠣᠢ      ᠬᠠᠷᠠᠴᠣ ᠬᠦᠮᠣᠨ ᠳᠤᠷ ᠠᠰᠠᠷᠠᠭᠳᠠᠪᠠᠰᠣ      ᠬᠠᠭᠠᠨ ᠬᠦᠮᠣᠨ ᠢ ᠦᠯᠣ ᠲᠠᠭᠠᠮᠣᠢ︾[2] ᠭᠡᠵᠤ ᠶᠠᠷᠢᠭᠰᠡᠨ ᠪᠠᠶᠢᠳᠠᠭ᠃  ᠡᠨᠡ ᠭᠠᠭᠴᠠ ᠪᠠᠳᠠᠭ ᠦᠭᠡᠨ ᠠᠴᠠ ᠮᠡᠳᠡᠵᠣ ᠪᠣᠯᠬᠤ ᠨᠢ ᠨᠣᠬᠠᠢ ᠭᠡᠳᠡᠭ ᠠᠮᠢᠳᠠᠨ ᠭᠠᠭᠴᠠ ᠦᠪᠡᠷ ᠤᠨ ᠲᠡᠵᠢᠭᠡᠭᠳᠡᠭᠰᠡᠨ ᠡᠵᠡᠨ ᠳᠤ ᠪᠠᠨ ᠲᠣᠶᠢᠯ ᠤᠨ ᠦᠨᠡᠨᠴᠢ᠂ ᠬᠠᠷᠢᠨ ᠦᠷᠦᠭᠡᠯ ᠪᠣᠰᠣᠳ ᠲᠤ ᠪᠣᠯ ᠲᠡᠶᠢᠮᠣ ᠪᠢᠰᠢ ᠭᠡᠳᠡᠭ ᠢ ᠣᠯᠵᠣ ᠬᠠᠷᠠᠵᠣ ᠪᠣᠯᠣᠨ᠎ᠠ᠃      ᠡᠷᠳᠡᠮᠳᠡᠨ ᠪᠣᠯᠠᠭ ᠪᠠᠭᠰᠢ ᠠᠴᠠ ᠲᠡᠭᠦᠨ ᠤ ︽︿ᠮᠣᠩᠭᠤᠯ ᠤᠨ ᠨᠢᠭᠤᠴᠠ ᠲᠣᠪᠴᠢᠶᠠᠨ﹀ ᠠᠴᠠ ᠰᠡᠳᠣᠪᠯᠡᠨ ᠮᠣᠩᠭᠤᠯᠴᠣᠳ ᠤᠨ ᠨᠣᠬᠠᠢ ᠶᠢ ᠰᠢᠳᠣᠳᠡᠭ ᠤᠨ ᠣᠴᠢᠷ ᠢ ᠰᠢᠨᠵᠢᠯᠡᠬᠦ ᠨᠢ︾  ᠭᠡᠳᠡᠭ ᠦᠭᠦᠯᠡᠯ ᠳᠤ ᠪᠠᠨ ︽︿ᠮᠣᠩᠭᠤᠯ ᠤᠨ ᠨᠢᠭᠤᠴᠠ ᠲᠣᠪᠴᠢᠶᠠᠨ﹀ ᠳᠤ ᠵᠡᠪᠡ᠂ ᠵᠡᠯᠮ᠎ᠡ᠂ ᠰᠦᠪᠡᠭᠡᠳᠡᠢ᠂ ᠬᠤᠪᠢᠯᠠᠢ ᠨᠠᠷ ᠢ ᠨᠣᠬᠠᠢ ᠭᠡᠳᠡᠭ ᠤᠨ ᠣᠴᠢᠷ ᠨᠢ ᠮᠣᠩᠭᠤᠯᠴᠣᠳ ᠤᠨ ᠡᠷᠳᠡᠨ ᠤ ᠪᠠᠯᠠᠷ ᠰᠢᠳᠣᠭᠡᠨ ᠲᠠᠢ ᠬᠤᠯᠪᠣᠭ᠎ᠠ ᠲᠠᠢ ᠪᠠᠶᠢᠵᠣ ᠮᠠᠭᠠᠳ ᠦᠭᠡᠢ᠂ ᠲᠣᠬᠠᠶᠢᠯᠠᠪᠠᠯ ᠡᠨᠡ ᠨᠢ ᠮᠣᠩᠭᠤᠯᠴᠣᠳ ᠡᠷᠳᠡ ᠲᠡᠭᠡᠷ᠎ᠡ ᠦᠶ᠎ᠡ ᠳᠤ ᠨᠣᠬᠠᠢ ᠶᠢ ᠰᠢᠳᠣᠵᠣ ᠪᠠᠶᠢᠭᠰᠠᠨ ᠲᠠᠢ ᠬᠤᠯᠪᠣᠭ᠎ᠠ ᠲᠠᠢ ᠪᠠᠶᠢᠵᠣ ᠮᠡᠳᠡᠨ᠎ᠠ︾[3]ᠭᠡᠵᠤ ᠦᠵᠡᠵᠡᠢ᠃            ᠲᠡᠭᠡᠪᠡᠯ ᠮᠢᠨᠣ ᠦᠵᠡᠭᠦ ᠪᠠᠷ ︽ᠮᠣᠩᠭᠤᠯ ᠤᠨ ᠨᠢᠭᠤᠴᠠ ᠲᠣᠪᠴᠢᠶᠠᠨ︾ ᠳᠤ᠂  ᠨᠣᠬᠠᠢ ᠨᠢ ᠲᠠᠶᠢᠰᠣᠨ ᠡᠳᠡᠬᠡᠳ ᠲᠤ ᠡᠷᠡᠯᠭᠡᠭ ᠲᠣᠭᠰᠢᠨ᠂ ᠰᠦᠷ ᠬᠦᠴᠣᠨ ᠲᠠᠢ᠂  ᠵᠣᠷᠢᠮᠠᠭ ᠬᠠᠳᠠᠭᠤ ᠠᠮᠢᠳᠠᠨ ᠤ ᠲᠦᠷᠢ ᠪᠠᠷ ᠢᠯᠡᠷᠡᠳᠡᠭ ᠮᠦᠷᠳᠡᠭᠡᠨ ᠦᠪᠡᠷ ᠤᠨ ᠡᠵᠡᠨ ᠳᠤ ᠪᠠᠨ ᠪᠣᠯ ᠬᠠᠷᠢᠨ ᠦᠨᠡᠨᠴᠢ ᠰᠢᠳᠣᠷᠭᠤ᠂ ᠬᠦᠯᠢᠴᠡᠩᠭᠦᠢ ᠨᠣᠮᠣᠬᠠᠨ ᠲᠦᠷᠢ ᠪᠠᠷ ᠢᠯᠡᠷᠡᠳᠡᠭ ᠪᠠᠶᠢᠨ᠎ᠠ᠃ ᠵᠡᠪᠡ᠂ ᠵᠡᠯᠮ᠎ᠠ᠂ ᠬᠤᠪᠢᠯᠠᠢ᠂ ᠰᠦᠪᠡᠭᠡᠳᠠᠢ ᠲᠦᠷᠪᠡ ᠪᠣᠯ ᠴᠢᠩᠭᠢᠰ ᠬᠠᠭᠠᠨ ᠤ ᠢᠳᠡᠭᠡᠯᠳᠠᠢ ᠲᠦᠷᠪᠡᠨ ᠰᠠᠶᠢᠳ ᠮᠦᠷᠳᠡᠭᠡᠨ ᠠᠯᠠᠯᠳᠣᠬᠤ ᠲᠠᠶᠢᠰᠣᠨ   ᠢ ᠠᠷᠣ ᠪᠠᠷ ᠢᠶᠠᠨ ᠭᠠᠷᠭᠠᠳᠠᠭ ᠦᠭᠡᠢ ︽ᠣᠨᠴᠠᠭᠠᠶᠢᠯᠠᠨ ᠪᠠᠴᠢᠮ ᠲᠦᠭᠰᠢᠭᠦᠷᠢᠳᠣ ᠴᠠᠭ ᠦᠶ᠎ᠡ ᠳᠤ ᠡᠵᠡᠨ ᠢᠶᠠᠨ ᠦᠮᠦᠭᠯᠡᠨ ᠬᠠᠮᠠᠭᠠᠯᠠᠵᠣ᠂ ᠠᠮᠢ ᠪᠡᠶ᠎ᠡ ᠪᠠᠨ ᠵᠣᠷᠢᠭᠤᠯᠵᠣ︾[4]ᠡᠵᠡᠨ ᠴᠢᠩᠭᠢᠰ ᠢ ᠬᠠᠮᠠᠭᠠᠯᠠᠵᠣ ᠶᠠᠪᠣᠳᠠᠭ ᠪᠣᠯᠬᠤᠷ ᠡᠵᠡᠨ ᠴᠢᠩᠭᠢᠰ ᠵᠡᠪᠡ᠂ ᠵᠡᠯᠮ᠎ᠠ᠂ ᠬᠤᠪᠢᠯᠠᠢ᠂ ᠰᠦᠪᠡᠭᠡᠳᠠᠢ ᠶᠢ ᠬᠦᠨᠳᠣᠳᠭᠡᠨ ᠬᠠᠶᠢᠷᠠᠯᠠᠵᠣ ᠦᠪᠡᠷ ᠤᠨ ᠬᠠᠶᠢᠷᠠᠳᠠᠢ ︽ᠲᠦᠷᠪᠡᠨ ᠨᠣᠬᠠᠢ︾ ᠭᠡᠵᠤ ᠨᠡᠷᠡᠯᠡᠭᠰᠡᠨ ᠪᠣᠶᠣ᠃ ᠶᠠᠭ ᠲᠡᠶᠢᠮᠣ ᠣᠴᠢᠷ ᠠᠴᠠ ︽ᠮᠣᠩᠭᠤᠯ ᠤᠨ ᠨᠢᠭᠤᠴᠠ ᠲᠣᠪᠴᠢᠶᠠᠨ︾ ᠳᠠᠬᠢ ᠨᠣᠬᠠᠢ ᠶᠢᠨ ᠲᠦᠷᠢ ᠨᠢ ᠦᠷᠭᠦᠯᠵᠢ ᠬᠦᠮᠣᠨ ᠤ ᠨᠡᠷ᠎ᠡ ᠲᠡᠭᠡᠷ᠎ᠡ ᠲᠣᠬᠤᠭᠳᠠᠨ ᠬᠡᠷᠡᠭᠯᠡᠭᠳᠡᠵᠣ᠂ ᠬᠦᠮᠣᠨᠴᠢᠯᠡᠯ ᠤᠨ ᠲᠦᠷᠢ ᠪᠠᠷ ᠢᠯᠡᠷᠡᠨ᠂ ᠶᠠᠭ ᠪᠣᠯᠠᠭ ᠪᠠᠭᠰᠢ ᠶᠢᠨ ᠶᠠᠷᠢᠭᠰᠠᠨ ᠰᠢᠭ᠋ ᠮᠣᠩᠭᠤᠯᠴᠣᠳ ᠤᠨ ᠡᠷᠳᠡᠨ ᠤ  ᠪᠠᠯᠠᠷ ᠰᠢᠳᠣᠭᠡᠨ ᠲᠠᠢ ᠬᠤᠯᠪᠣᠭ᠎ᠠ ᠲᠠᠢ ᠨᠢᠭᠡ ᠲᠠᠯ᠎ᠠ ᠪᠠᠶᠢᠬᠤ ᠠᠴᠠ ᠭᠠᠳᠠᠨ ᠪᠠᠰᠠ ᠨᠣᠬᠠᠢ ᠨᠢ ᠡᠷᠡᠯᠭᠡᠭ ᠲᠣᠭᠰᠢᠨ᠂ ᠰᠦᠷ ᠬᠦᠴᠣᠨ ᠲᠠᠢ ᠂ ᠵᠣᠷᠢᠮᠠᠭ ᠬᠠᠳᠠᠭᠤ ᠠᠮᠢᠳᠠᠨ   ᠤ ᠲᠦᠷᠢ ᠪᠠᠷ ᠢᠯᠡᠷᠡᠳᠡᠭ ᠪᠣᠯᠬᠤᠷ ︽ᠨᠢᠭᠤᠴᠠ ᠲᠣᠪᠴᠢᠶᠠᠨ︾ ᠳᠤ ᠨᠣᠬᠠᠢ ᠲᠠᠢ ᠬᠤᠯᠪᠣᠳᠠᠭ ᠣᠴᠢᠷ ᠠᠷᠪᠢᠨ ᠭᠠᠷᠳᠠᠭ ᠪᠣᠯᠪᠠᠣ ᠭᠡᠵᠤ ᠪᠢ ᠦᠵᠡᠵᠣ ᠪᠣᠢ᠃        ᠬᠤᠶᠠᠷ᠂ ︽ᠨᠢᠭᠤᠴᠠ ᠲᠣᠪᠴᠢᠶᠠᠨ︾ ᠳᠠᠬᠢ ᠨᠣᠬᠠᠢ ᠨᠢ ᠷᠢᠳᠢ ᠰᠢᠳᠢ ᠲᠠᠢ ᠡᠯᠴᠢ ᠰᠢᠳᠣᠭᠡᠨ ᠢᠶᠠᠷ ᠢᠯᠡᠷᠡᠳᠡᠭ      ︽ᠮᠣᠩᠭᠤᠯ ᠤᠨ ᠨᠢᠭᠤᠴᠠ ᠲᠣᠪᠴᠢᠶᠠᠨ︾ ᠳᠠᠬᠢ ᠨᠣᠬᠠᠢ ᠨᠢ ᠲᠡᠭᠡᠷᠡᠬᠢ ᠰᠢᠨᠵᠢ ᠪᠠᠶᠢᠳᠠᠯ ᠠᠴᠠ ᠭᠠᠳᠠᠨ᠎ᠠ ᠪᠠᠰᠠ ᠨᠢᠭᠡ ᠴᠢᠬᠤᠯᠠ ᠲᠦᠷᠢ ᠪᠠᠷ ᠢᠯᠡᠷᠡᠳᠡᠭ ᠨᠢ ᠲᠠᠷᠣᠢ  ︽ᠨᠣᠬᠠᠢ︾ ᠶᠢ ᠷᠢᠳᠢ ᠰᠢᠳᠢ ᠲᠠᠢ ᠡᠯᠴᠢ ᠰᠢᠳᠣᠬᠡᠨ ᠭᠡᠵᠤ ᠦᠵᠡᠳᠡᠭ᠃      ᠡᠷᠳᠡᠮᠳᠡᠨ ᠪᠣᠯᠠᠭ ᠪᠠᠭᠰᠢ ᠠᠴᠠ᠄ ︽ᠡᠷᠳᠡ ᠲᠡᠭᠡᠳᠣ ᠦᠶ᠎ᠡ ᠳᠤ ᠮᠣᠩᠭᠤᠯᠴᠣᠳ   ᠤᠨ ᠲᠠᠨᠢᠯᠳᠠ ᠳᠤ ᠨᠣᠬᠠᠢ ᠪᠣᠯ ᠡᠩ ᠤᠨ ᠭᠡᠷ ᠤᠨ ᠲᠡᠵᠢᠭᠡᠪᠦᠷᠢ ᠪᠢᠰᠢ᠂ ᠬᠠᠷᠢᠨ ᠲᠡᠭᠷᠢ   ᠶᠢᠨ ᠬᠦᠯᠥᠭ ᠮᠥᠨ᠂ ᠲᠡᠭᠷᠢ ᠶᠢᠨ ᠨᠣᠬᠠᠢ ᠮᠥᠨ᠂ ᠭᠤᠷᠪᠠᠨ ᠶᠢᠷᠳᠢᠨᠴᠣ ᠶᠢᠨ ᠬᠤᠭᠤᠷᠣᠨᠳᠣᠬᠢ ᠡᠯᠴᠢ ᠮᠥᠨ︾[5] ᠭᠡᠵᠡᠢ᠃      ︽ᠨᠢᠭᠤᠴᠠ ᠲᠣᠪᠴᠢᠶᠠᠨ︾ ᠳᠤ ᠳᠤ ᠦᠭᠦᠯᠡᠵᠣ ᠪᠦᠬᠦᠢ ︽ᠠᠯᠣᠨ ᠭᠤᠸ᠎ᠠ ᠡᠬᠡ ᠶᠢᠨ ᠲᠠᠪᠣᠨ ᠮᠦᠰᠣ  ᠪᠠᠷ ᠬᠡᠣᠬᠡᠳ ᠢᠶᠠᠨ ᠰᠣᠷᠭᠠᠭᠰᠠᠨ︾ ᠲᠣᠮᠤᠭ ᠲᠤ  ᠬᠦᠮᠣᠨ ᠪᠠ ᠨᠣᠬᠠᠢ ᠶᠢᠨ ᠬᠠᠷᠢᠴᠠᠭ᠎ᠠ ᠨᠢ ᠲᠡᠭᠡᠷᠡᠬᠢ ᠵᠢᠱᠢᠶ᠎ᠡ  ᠠᠴᠠ ᠪᠦᠷ ᠬᠤᠪᠢᠷᠠᠭᠠᠳ‌ᠬᠠᠷᠢᠨ ᠦᠭᠡᠷ᠎ᠡ ᠨᠢᠭᠡ ᠬᠦᠮᠣᠨ ᠪᠣᠯᠣᠨ ᠰᠠᠬᠢᠭᠤᠯᠣᠭᠰᠠᠨ ᠡᠯᠴᠢ ᠶᠢᠨ ᠬᠤᠭᠤᠷᠣᠨᠳᠡᠬᠢ ᠬᠠᠷᠢᠴᠠᠭ᠎ᠠ ᠪᠣᠯᠵᠣ ᠬᠤᠪᠢᠷᠠᠭᠰᠠᠨ ᠪᠠᠶᠢᠨ᠎ᠠ᠃ ᠲᠣᠰ ᠲᠣᠮᠤᠭ ᠲᠤ᠄      ᠠᠯᠣᠨ ᠭᠤᠸ᠎ᠠ ᠡᠬᠡ ᠲᠣᠪᠣᠨ ᠮᠡᠷᠭᠡᠨ ᠢ ᠦᠭᠡᠢ ᠪᠣᠯᠣᠭᠰᠠᠨ ᠬᠤᠶᠢᠨ᠎ᠠ ᠪᠠᠰᠠ ᠪᠣᠭᠤ ᠬᠠᠳᠠᠭᠢ᠂ ᠪᠣᠭᠳᠣ ᠰᠠᠯᠵᠢ᠂ ᠪᠣᠳᠠᠨᠴᠠᠷ ᠮᠣᠩᠬᠠᠭ ᠭᠤᠷᠪᠠᠨ ᠬᠦᠪᠡᠭᠦᠨ ᠢ ᠲᠦᠷᠣᠪᠡ᠃ ᠣᠷᠢᠳᠣ ᠲᠣᠪᠣᠨ ᠮᠡᠷᠭᠡᠨ ᠠᠴᠠ ᠵᠠᠶᠠᠭᠠᠭᠰᠠᠨ ᠪᠦᠬᠦᠨᠣᠳᠠᠢ᠂ ᠪᠡᠯᠭᠦᠨᠣᠳᠠᠢ ᠬᠤᠶᠠᠷ ᠡᠬᠡ ᠠᠯᠣᠨ ᠭᠤᠸ᠎ᠠ ᠶᠢᠨ ᠡᠷ᠎ᠡ ᠦᠭᠡᠢ ᠪᠦᠭᠡᠳᠡᠯ᠎ᠡ ᠶᠠᠭᠠᠬᠢᠭᠠᠳ ᠭᠤᠷᠪᠠᠨ ᠬᠡᠣᠭᠡᠳ ᠲᠦᠷᠦᠭᠰᠡᠨ ᠢ ᠡᠬᠡ ᠠᠯᠣᠨ ᠭᠤᠸ᠎ᠠ ᠶᠢᠨ ᠠᠷᠣ ᠳᠤ ᠰᠡᠵᠢᠭᠯᠡᠨ ᠬᠡᠯᠡᠯᠴᠡᠬᠦ ᠶᠢ ᠠᠯᠣᠨ ᠭᠤᠸ᠎ᠠ ᠡᠬᠡ  ᠣᠯᠵᠣ ᠮᠡᠳᠡᠪᠡ᠃ ᠲᠡᠭᠡᠭᠡᠳ ᠬᠠᠪᠣᠷ ᠤᠨ ᠨᠢᠭᠡᠨ ᠡᠳᠣᠷ ᠠᠯᠣᠨ ᠭᠤᠸ᠎ᠠ ᠡᠬᠡ ᠬᠤᠷᠰᠢᠵᠣ ᠬᠠᠭᠰᠢᠭᠰᠠᠨ ᠬᠤᠨᠢᠨ ᠤ ᠮᠢᠬ᠎ᠠ ᠴᠢᠨᠠᠭᠠᠳ ᠲᠠᠪᠣᠨ ᠬᠡᠣᠬᠡᠳ ᠢᠶᠠᠨ ᠲᠠᠭᠤᠳᠠᠵᠣ᠂ ᠲᠠᠪᠣᠨ‌ᠮᠦ᠋ᠰᠣ ᠦᠭᠴᠣ ᠬᠤᠭᠤᠯᠣᠭᠤᠯᠵᠣ᠂ ᠲᠠᠪᠣᠨ ᠬᠡᠣᠭᠡᠳ ᠢᠶᠠᠨ ᠪᠠᠭᠴᠠᠳᠣ ᠲᠠᠪᠣᠨ ᠮᠦᠰᠣ  ᠮᠡᠳᠣ ᠡᠶ᠎ᠡ ᠨᠠᠶᠢᠷᠠᠳᠠᠢ ᠪᠦᠯᠬᠦᠮᠳᠡᠵᠣ ᠶᠠᠪᠤ ᠭᠡᠵᠤ ᠰᠣᠷᠭᠠᠪᠠ᠃ ᠠᠯᠣᠨ ᠭᠤᠸ᠎ᠠ ᠡᠬᠡ ᠪᠠᠰᠠ ᠪᠦᠬᠦᠨᠣᠳᠠᠢ᠂ ᠪᠡᠯᠬᠦᠨᠣᠳᠠᠢ ᠬᠤᠶᠠᠷ ᠬᠦᠣ ᠳᠡᠭᠡᠨ ᠬᠡᠯᠡᠭᠰᠡᠨ ᠨᠢ᠄ ︽ᠲᠠ ᠬᠤᠶᠠᠷ ᠨᠠᠮ᠎ᠠ ᠶᠢ ᠡᠳᠡ ᠭᠤᠷᠪᠠᠨ ᠬᠦᠣ ᠶᠢ ᠲᠦᠷᠣᠭᠦᠯᠪᠡ᠂ ᠬᠡᠨ ᠤ ᠬᠦᠣ ᠪᠣᠯᠴᠢᠬᠠᠪᠠ ᠭᠡᠵᠤ ᠰᠡᠷᠡᠵᠣ ᠰᠡᠵᠢᠭᠯᠡᠨ ᠬᠡᠯᠡᠯᠴᠡᠵᠣ ᠪᠠᠶᠢᠨ᠎ᠠ᠃ ᠴᠢᠩᠭᠢᠵᠣ ᠰᠡᠷᠡᠵᠣ ᠰᠡᠵᠢᠭᠯᠡᠬᠦ ᠲᠠᠨᠢ ᠵᠦᠪ᠃ ᠭᠡᠪᠡᠴᠣ ᠡᠨᠡ ᠭᠤᠷᠪᠠᠨ ᠬᠦᠣ ᠶᠢ ᠲᠦᠷᠦᠭᠰᠡᠨ ᠣᠴᠢᠷ ᠪᠣᠯ᠂ ᠰᠦᠨᠢ ᠪᠦᠷᠢ ᠴᠠᠭᠠᠨ ᠰᠢᠷ᠎ᠠ ᠭᠦᠮᠣᠨ᠂ ᠭᠡᠷ ᠤᠨ ᠡᠷᠣᠬᠡ ᠲᠣᠳᠣᠭᠤ ᠶᠢᠨ ᠭᠡᠭᠡ ᠪᠠᠷ ᠣᠷᠣᠵᠣ ᠢᠷᠡᠭᠡᠳ᠂ ᠬᠡᠪᠡᠯᠢ ᠶᠢ ᠮᠢᠨᠢ ᠢᠯᠢᠵᠣ᠂ ᠲᠡᠭᠦᠨ ᠤ ᠭᠡᠭᠡ ᠭᠡᠷᠡᠯ ᠨᠢ ᠮᠢᠨᠣ ᠬᠡᠪᠡᠯᠢ ᠳᠤ ᠰᠢᠩᠭᠡᠳᠡᠭ ᠪᠠᠶᠢᠭᠰᠠᠨ ᠪᠢᠯᠡ᠃ ᠴᠢᠩᠭᠢᠭᠡᠳ ᠭᠠᠷᠴᠣ ᠶᠠᠪᠣᠬᠤ ᠳᠠᠭᠠᠨ ᠨᠠᠷᠠᠨ ᠰᠠᠷᠠᠨ ᠤ ᠬᠢᠷ᠎ᠠ ᠪᠠᠷ ᠰᠢᠷ᠎ᠠ ᠨᠣᠬᠠᠢ ᠮᠡᠳᠣ ᠰᠢᠴᠠᠪᠠᠯᠵᠠᠵᠣ ᠭᠠᠷᠬᠤ ᠪᠦᠯᠣᠭᠡ᠃ᠲᠡᠯᠡᠮ᠎ᠡ ᠶᠠᠭᠠᠬᠢᠨ ᠦᠭᠦᠯᠡᠨ ᠲᠠ︕ ᠲᠡᠭᠦᠪᠡᠷ ᠣᠬᠠᠪᠠᠰᠣ ᠲᠡᠮᠳᠡᠭ ᠢᠨᠣ ᠲᠡᠭᠷᠢ ᠶᠢᠨ ᠬᠦᠪᠡᠭᠦᠨ ᠪᠣᠶᠣ ︾[6]ᠭᠡᠵᠡᠢ᠃      ᠠᠳᠡ ᠶᠠᠷᠢᠵᠣ ᠪᠠᠶᠢᠭ᠎ᠠ ︽ᠰᠢᠷ᠎ᠠ ᠨᠣᠬᠠᠢ︾ ᠨᠢ ᠰᠢᠭᠤᠳ ︽ᠲᠡᠭᠷᠢ ᠶᠢᠨ ᠬᠦᠪᠡᠭᠦᠨ︾ ᠲᠠᠢ ᠬᠤᠯᠪᠣᠯᠳᠣᠵᠣ᠂ ᠲᠠᠷᠣᠢ ᠴᠢᠩᠭᠢᠰ ᠬᠠᠭᠠᠨ ᠤ ᠠᠷᠪᠠᠳᠣᠭᠠᠷ ᠦᠶ᠎ᠡ ᠶᠢᠨ ᠡᠪᠦᠭᠡ ᠪᠣᠳᠠᠨᠴᠠᠷ ᠲᠠᠢ ᠴᠢᠰᠣᠨ ᠲᠦᠷᠣᠯ  ᠤᠨ ᠬᠤᠯᠪᠣᠭ᠎ᠠ ᠲᠠᠢ ᠪᠣᠯᠭᠠᠵᠣ ᠴᠢᠩᠭᠢᠰ ᠬᠠᠭᠠᠨ ᠤ ᠣᠳᠣᠮ ᠪᠣᠯ ᠲᠡᠭᠡᠳᠣ ᠲᠡᠭᠷᠢ ᠠᠴᠠ ᠵᠠᠶᠠᠭᠠᠳᠠᠢ ᠪᠣᠯᠬᠤ ᠶᠢ ᠬᠡᠯᠡᠵᠣ ᠦᠭᠴᠣ ᠪᠣᠢ᠃      ᠮᠦᠨ ᠲᠡᠭᠡᠷ᠎ᠡ ᠲᠣᠷᠠᠳᠣᠭᠰᠠᠨ ᠵᠢᠱᠢᠶ᠎ᠡ ᠳᠤ᠄ ᠭᠤᠷᠪᠠᠨ ᠬᠤᠷᠴᠢ ᠦᠪᠡᠷ ᠤᠨ ᠪᠡᠶ᠎ᠡ ᠪᠠᠨ ᠨᠣᠬᠠᠢ ᠪᠠᠷ ᠵᠦᠢᠷᠯᠡᠵᠣ᠂ ᠲᠠᠶᠢᠰᠣᠨ ᠣᠯᠣᠰ ᠢ ᠲᠠᠷᠣᠵᠣ ᠲᠡᠭᠷᠢ ᠭᠠᠵᠠᠷ ᠤᠨ ᠥᠮᠥᠭ ᠢᠶᠠᠷ ᠬᠦᠴᠣ ᠪᠠᠨ ᠨᠡᠮᠡᠭᠳᠡᠭᠦᠯᠵᠣ᠂ ᠠᠯᠳᠠ ᠮᠥᠩᠭᠦ᠂ ᠡᠳ᠋ ᠠᠭᠤᠷᠠᠰᠣ ᠡᠯ᠎ᠡ ᠪᠦᠬᠦᠢ ᠶᠠᠭᠤᠮ᠎ᠠ ᠶᠢ ᠠᠪᠴᠢᠷᠠᠵᠣ ᠦᠭᠭᠦᠶ᠎ᠡ ᠭᠡᠰᠡᠨ ᠰᠠᠨᠠᠭ᠎ᠠ ᠲᠠᠢ ᠦᠭᠡ ᠶᠠᠷᠢᠪᠠ᠃ ᠡᠨᠡ ᠬᠡᠰᠡᠭ ᠲᠤ ᠪᠢᠳᠡᠨ ᠤ ᠲᠦᠪᠡᠳ ᠨᠣᠬᠠᠳ ᠢ ᠲᠣᠬᠢᠷᠴᠣ ᠶᠠᠪᠣᠭᠤᠯᠪᠠᠰᠣ᠂ ᠲᠠᠶᠢᠰᠣᠨ ᠣᠯᠣᠰ ᠢ ᠪᠢᠳᠡ ᠲᠠᠷᠣᠵᠣ᠂ ᠲᠡᠭᠷᠢ ᠭᠠᠵᠠᠷ ᠤᠨ ᠦᠮᠥᠭ ᠢᠶᠠᠷ ᠬᠦᠴᠣ ᠪᠠᠨ ᠨᠡᠮᠡᠭᠳᠡᠭᠦᠯᠵᠣ……︾ ᠭᠡᠵᠤ ᠶᠠᠷᠢᠭᠰᠠᠨ ᠨᠢ ᠨᠣᠬᠠᠢ ᠪᠣᠯ ᠲᠡᠭᠷᠢ ᠭᠠᠵᠠᠷ ᠤᠨ ᠲᠣᠮᠳᠠᠬᠢ ᠡᠯᠴᠢᠨ ᠰᠢᠳᠥᠭᠡᠨ ᠭᠡᠳᠡᠭ ᠰᠠᠨᠠᠭ᠎ᠠ ᠠᠭᠤᠯᠠᠭᠳᠠᠵᠣ ᠪᠠᠶᠢᠬᠤ ᠶᠤᠮ᠃      ᠡᠭᠦᠨ ᠠᠴᠠ ᠭᠠᠳᠠᠨ᠎ᠠ ᠪᠠᠰᠠ ︽ᠨᠢᠭᠤᠴᠠ ᠲᠣᠪᠴᠢᠶᠠᠨ︾ ᠳᠤ᠂ ᠨᠠᠢᠮᠠᠨ ᠤ ᠲᠠᠶᠠᠨ ᠬᠠᠭᠠᠨ ᠤ ᠡᠭᠡ ᠬᠦᠷᠪᠡᠰᠣ ᠸᠠᠩ ᠬᠠᠭᠠᠨ ᠤ ᠲᠡᠷᠢᠭᠦᠨ ᠢ ᠣᠭᠳᠣᠯᠣᠨ ᠠᠪᠴᠢᠷᠠᠭᠤᠯᠣᠭᠠᠳ᠂ ᠲᠠᠬᠢᠬᠤ ᠳᠤ ᠲᠡᠷᠡ ᠲᠡᠷᠢᠭᠦᠨ ᠢᠨᠢᠶᠡᠭᠰᠡᠨ ᠳᠤ ᠢᠨᠢᠶᠡᠪᠡ ᠭᠡᠳ ᠲᠠᠶᠠᠨ ᠬᠠᠭᠠᠨ ᠠᠭᠤᠷᠯᠠᠵᠣ  ᠬᠡᠮᠭᠡᠴᠡᠨ ᠬᠢᠰᠬᠢᠭᠦᠯᠵᠠᠢ᠃ ᠡᠭᠦᠨ ᠳᠤ ᠬᠦᠪᠰᠡᠭᠦᠣ ᠰᠠᠪᠠᠷᠠᠭ ᠤᠨ ᠬᠡᠯᠡᠭᠰᠡᠨ ᠨᠢ᠄ ︽ᠲᠠᠨᠠᠷ ᠦᠬᠦᠭᠰᠡᠨ ᠬᠠᠨ ᠬᠦᠮᠣᠨ ᠤ ᠲᠡᠷᠢᠭᠦᠨ ᠢ ᠣᠭᠳᠣᠯᠵᠣ ᠠᠪᠴᠢᠷᠠᠭᠠᠳ᠂ ᠬᠡᠮᠭᠡ ᠬᠠᠮᠬ᠎ᠠ  ᠬᠢᠰᠬᠢᠯᠡᠵᠣ ᠶᠠᠭᠠᠬᠢᠵᠣ ᠵᠣᠬᠢᠬᠤ ᠪᠣᠢ︖ ᠣᠶᠢᠷ᠎ᠠ ᠳᠤ ᠪᠢᠳᠡᠨ ᠤ ᠨᠣᠬᠠᠢ ᠶᠢᠨ ᠬᠤᠴᠠᠬᠤ‌‍ᠲ᠋ᠠᠭᠤ ᠮᠠᠭᠤᠬᠠᠢ ᠪᠣᠯᠪᠠ︾ ᠪᠢᠯᠭᠡ ᠬᠠᠨ ᠪᠠᠰᠠ᠄ ︽ᠨᠣᠬᠠᠢ ᠶᠢᠨ ᠲᠠᠭᠤᠨ ᠪᠠᠴᠢᠮᠳᠠᠭᠰᠠᠨ ᠮᠡᠳᠣ ᠬᠤᠴᠠᠯ ᠢᠶᠠᠷ ᠬᠤᠴᠠᠨ᠎ᠠ︾ ᠭᠡᠵᠤ ᠪᠠᠶᠢᠨ ᠲᠠᠬᠢᠨ ᠬᠡᠯᠡᠵᠣ ᠪᠠᠶᠢᠭᠰᠠᠨ ᠪᠦᠯᠥᠭᠡ᠃ ᠭᠡᠪᠡᠴᠣ ᠲᠠᠶᠠᠨ ᠬᠠᠨ ᠦᠭᠡ ᠶᠢ ᠰᠣᠨᠣᠰᠴᠣ ᠰᠡᠵᠢᠭ ᠠᠪᠣᠭᠰᠠᠨ ᠦᠭᠡᠢ ᠲᠣᠯᠠ ᠦᠳᠳᠡᠷ ᠴᠢᠩᠭᠢᠰ ᠬᠠᠭᠠᠨ ᠳᠤ ᠮᠦᠭᠦᠭᠡᠭᠳᠡᠭᠰᠡᠨ ᠪᠢᠯᠡ᠃      ᠡᠳᠡᠭᠡᠷ ᠵᠢᠱᠢᠶ᠎ᠡ ᠠᠴᠠ ᠦᠵᠡᠬᠦ ᠳᠤ᠂ ︽ᠨᠢᠭᠤᠴᠠ ᠲᠣᠪᠴᠢᠶᠠᠨ︾ ᠳᠤ ᠢᠯᠡᠷᠡᠵᠣ  ᠪᠠᠶᠢᠭ᠎ᠠ ᠨᠣᠬᠠᠢ ᠨᠢ ᠶᠠᠭᠠᠬᠢᠭᠠᠳ ᠴᠦ ᠡᠩ ᠤᠨ ᠨᠢᠭᠡ ᠭᠡᠷ ᠤᠨ ᠲᠡᠵᠢᠭᠡᠪᠣᠷᠢ ᠲᠡᠳᠣᠢ ᠪᠢᠰᠢ᠂ ᠬᠠᠷᠢᠨ ᠲᠣᠬᠠᠢ ᠶᠢᠨ ᠦᠶ᠎ᠡ ᠶᠢᠨ ᠬᠦᠮᠣᠰ  ᠤᠨ ᠰᠡᠳᠬᠢᠯᠭᠡ ᠳᠤ ᠨᠣᠬᠠᠢ ᠪᠣᠯ ᠵᠥᠩ ᠰᠣᠪᠢᠩ ᠤᠨ ᠪᠡᠯᠭᠡᠳᠣᠯ᠂ ᠲᠡᠭᠷᠢ ᠭᠠᠵᠠᠷ ᠤᠨ ᠬᠤᠭᠤᠷᠣᠨᠳᠣᠬᠢ ᠡᠯᠴᠢ᠂ ᠷᠢᠳᠢ ᠰᠢᠳᠢ ᠲᠠᠢ ᠰᠢᠳᠣᠭᠡᠨ ᠤ ᠲᠦᠷᠢ ᠪᠠᠷ ᠢᠯᠡᠷᠡᠳᠡᠭ ᠪᠣᠯᠬᠤ ᠨᠢ ᠲᠣᠳᠣᠬᠠᠨ ᠮᠡᠳᠡᠭᠳᠡᠵᠣ ᠪᠠᠶᠢᠨ᠎ᠠ᠃      ᠭᠤᠷᠪᠠ᠂ ᠨᠣᠬᠠᠢ ᠶᠢᠨ ᠪᠡᠯᠭᠡᠳᠡᠯ ᠲᠦᠷᠢ      ︽ᠮᠣᠩᠭᠤᠯ ᠤᠨ ᠨᠢᠭᠤᠴᠠ ᠲᠣᠪᠴᠢᠶᠠᠨ︾ ᠠᠴᠠ ᠭᠠᠳᠠᠨ᠎ᠠ ᠮᠣᠩᠭᠤᠯ ᠤᠨ ᠡᠷᠳᠡᠨ ᠤ  ᠠᠮᠠᠨ ᠵᠣᠬᠢᠶᠠᠯ᠂ ᠶᠠᠪᠠᠭᠠᠨ ᠦᠯᠢᠭᠡᠷ᠂ ᠰᠢᠳᠢᠳᠣ ᠦᠯᠢᠭᠡᠷ ᠪᠣᠶᠣ ᠠᠷᠠᠳ ᠤᠨ ᠠᠮᠢᠳᠣᠷᠠᠯ ᠲᠣᠮᠳᠠ ᠨᠣᠬᠠᠢ ᠲᠠᠢ ᠬᠤᠯᠪᠣᠭᠳᠠᠭᠰᠠᠨ ᠦᠯᠢᠭᠡᠷ ᠲᠣᠮᠤᠭ᠂ ᠵᠦᠢᠷ ᠰᠡᠴᠡᠨ ᠦᠭᠡ᠂ ᠰᠣᠷᠭᠠᠯ ᠦᠭᠡ ᠵᠡᠷᠭᠡ ᠮᠠᠰᠢ ᠣᠯᠠᠨ ᠪᠠᠶᠢᠳᠠᠭ᠃        ︵ᠨᠢᠭᠡ︶ ᠲᠣᠮᠤᠭ ᠤᠨ ᠲᠣᠮᠳᠠᠬᠢ ᠨᠣᠬᠠᠢ      ᠮᠣᠩᠭᠤᠯᠴᠣᠳ ᠤᠨ ᠲᠣᠮᠤᠭ ᠦᠯᠢᠭᠡᠷ ᠤᠨ ᠲᠣᠳᠣᠷ᠎ᠠ ᠮᠥᠨ ᠨᠣᠬᠠᠢ ᠶᠢ ᠲᠡᠭᠡᠳᠣ ᠲᠡᠭᠷᠢ ᠲᠠᠢ ᠬᠤᠯᠪᠣᠭᠰᠠᠨ ᠂ ᠡᠯᠴᠢ ᠰᠢᠳᠣᠭᠡᠨ ᠢᠶᠠᠷ ᠪᠢᠴᠢᠭᠳᠡᠳᠡᠭ ᠦᠵᠡᠭᠳᠡᠯ ᠮᠠᠰᠢ‌ᠣᠯᠠᠨ ᠢᠯᠡᠷᠡᠳᠡᠭ᠃   ︽ᠲᠣᠭᠰᠢᠨ ᠬᠠᠷ᠎ᠠ ᠯᠣᠣᠰ ᠤᠨ ᠬᠠᠭᠠᠨ ᠢ ᠲᠠᠷᠣᠭᠰᠠᠨ︾ ᠰᠢᠳᠢᠳᠣ ᠦᠯᠢᠭᠡᠷ ᠲᠤ ᠰᠠᠬᠢᠭᠤᠯᠣᠭᠰᠠᠨ ᠤ ᠲᠦᠷᠢ  ᠪᠠᠷ ᠢᠯᠡᠷᠡᠭᠰᠡᠨ ᠲᠦᠭᠡ ᠪᠡᠶ᠎ᠡ ᠲᠠᠢ ᠣᠳᠣᠢ ᠡᠪᠣᠭᠡᠨ ᠬᠠᠰᠠᠷ ᠪᠠᠰᠠᠷ ᠬᠤᠶᠠᠷ ᠨᠣᠬᠠᠢ ᠲᠠᠢ ᠭᠡᠵᠤ ᠶᠠᠷᠢᠵᠠᠢ᠃      ᠠᠯᠠᠱᠠ ᠶᠢᠨ ᠵᠠᠩᠰᠢᠯ ᠤᠨ ᠲᠣᠮᠤᠭ[7] ᠲᠤ ᠡᠶᠢᠮᠣ ᠬᠤᠶᠠᠷ ᠦᠯᠢᠭᠡᠷ ᠪᠠᠶᠢᠳᠠᠭ᠄      ︵⒈︶ ᠡᠷᠳᠡ ᠣᠷᠢᠳᠣ ᠴᠠᠭ ᠲᠤ ᠪᠣᠷᠬᠠᠨ ᠪᠠᠭᠰᠢ ᠪᠣᠰᠣᠳ ᠠᠮᠢᠳᠠᠨ ᠳᠤ ᠦᠮᠴᠢ ᠬᠤᠪᠢᠶᠠᠵᠣ ᠦᠭᠬᠦᠭᠡᠳ ᠭᠠᠭᠴᠠ ᠲᠡᠭᠷᠢ ᠶᠢᠨ ᠨᠣᠬᠠᠢ ᠳᠤ ᠦᠮᠴᠢ ᠬᠤᠪᠢᠶᠠᠵᠣ ᠦᠭᠬᠦᠭᠰᠡᠨ ᠦᠭᠡᠢ᠂ ᠲᠡᠭᠡᠭᠡᠳ ᠪᠣᠷᠬᠠᠨ ᠪᠠᠭᠰᠢ ᠲᠡᠭᠷᠢ ᠶᠢᠨ ᠨᠣᠬᠠᠢ ᠳᠤ ᠬᠡᠯᠡᠬᠦ ᠳᠤ ᠪᠠᠨ ᠲᠠ ᠡᠷ᠎ᠡ ᠴᠢᠳᠠᠯ ᠢᠶᠠᠨ ᠲᠦᠰᠢᠭᠯᠡᠨ ᠬᠤᠳᠣᠭᠤᠳᠣ ᠭᠡᠳᠡᠰᠣ ᠪᠠᠨ ᠪᠣᠷᠣᠯᠠᠭᠤᠯᠵᠣ ᠶᠠᠪᠤ᠂ ᠭᠡᠬᠦ ᠳᠡᠭᠡᠨ ᠮᠢᠩᠭᠠᠨ ᠠᠮᠢᠳᠠᠨ ᠠᠴᠠ ᠨᠢᠭᠡ ᠶᠢ ᠢᠳᠡ ᠭᠡᠵᠤ ᠵᠦᠪᠰᠢᠶᠡᠵᠣ ᠭᠡᠨ᠎ᠡ᠃ ᠭᠡᠬᠦ  ᠳᠤ ᠲᠡᠭᠷᠢ   ᠶᠢᠨ ᠨᠣᠬᠠᠢ ᠬᠠᠷᠢᠨ ᠮᠢᠩᠭᠠᠨ ᠠᠮᠢᠳᠠᠨ ᠠᠴᠠ ᠵᠠᠭᠤ ᠶᠢ ᠢᠳᠡ ᠭᠡᠵᠤ ᠪᠣᠷᠣᠭᠤ ᠰᠣᠨᠣᠰᠣᠭᠰᠠᠨ ᠪᠣᠯᠬᠤᠷ ᠣᠯᠠᠨ ᠠᠮᠢᠳᠠᠨ ᠢ ᠪᠠᠷᠢᠵᠣ ᠢᠳᠡᠳᠡᠭ ᠪᠠᠶᠢᠪᠠ᠃ ᠲᠡᠭᠡᠭᠡᠳ ᠪᠣᠷᠬᠠᠨ ᠪᠠᠭᠰᠢ ᠲᠡᠬᠦᠨ   ᠢ ᠨᠡᠩ ᠶᠣᠰᠣ ᠮᠣᠷᠠᠯ ᠲᠠᠢ ᠠᠮᠢᠳᠠᠨ ᠪᠣᠯᠭᠠᠬᠤ ᠶᠢᠨ ᠲᠦᠯᠥᠭᠡ ᠨᠣᠬᠠᠢ ᠳᠤ ︽ᠯᠣᠪᠰᠠᠩᠫᠡᠷᠡᠯᠠᠢ︾   ᠭᠡᠰᠡᠨ ᠪᠣᠷᠬᠠᠨ ᠤ ᠨᠡᠷ᠎ᠡ ᠬᠠᠶᠢᠷᠠᠯᠠᠭᠰᠠᠨ ᠭᠡᠳᠡᠭ᠃        ︵⒉︶ ᠮᠣᠩᠭᠤᠯᠴᠣᠳ ᠠᠩ ᠤᠨ ᠵᠠᠭᠤᠳᠠᠭ ᠨᠣᠬᠠᠢ ᠶᠢ ᠭᠠᠷᠵᠢ ᠨᠣᠬᠠᠢ ᠭᠡᠵᠤ  ᠲᠠᠭᠤᠳᠠᠳᠠᠭ᠃ ᠣᠵᠢᠭᠤᠷ ᠴᠠᠭ ᠲᠤ ᠶᠣᠯᠣ ᠰᠢᠪᠠᠭᠤ ᠭᠡᠳᠡᠭ ᠰᠦᠷᠡᠬᠡᠢ ᠰᠢᠪᠠᠭᠤ ᠪᠠᠶᠢᠵᠠᠢ᠃  ᠲᠡᠷᠡ ᠰᠢᠪᠠᠭᠤ ᠵᠢᠯ ᠳᠡᠭᠡᠨ ᠭᠤᠷᠪᠠᠨ ᠦᠨᠳᠡᠭᠡ ᠭᠠᠷᠭᠠᠳᠠᠭ᠃ ᠭᠡᠳᠡᠯ᠎ᠡ ᠦᠨᠳᠡᠭᠡᠨ ᠳᠠᠬᠢ ᠠᠩᠭᠠᠬᠠᠢ ᠨᠢ ᠦᠪᠡᠷ ᠢᠶᠠᠨ ᠬᠠᠭᠠᠷᠠᠵᠣ ᠭᠠᠷᠴᠣ ᠢᠷᠡᠵᠣ ᠴᠢᠳᠠᠳᠠᠭ ᠦᠭᠡᠢ᠃ ᠵᠠᠪᠠᠯ ᠬᠠᠭᠤᠴᠢᠨ ᠣᠯᠠᠷᠢᠯ ᠤᠨ ᠠᠷᠪᠠᠨ ᠰᠠᠷ᠎ᠠ ᠶᠢᠨ ᠬᠤᠷᠢᠨ ᠲᠠᠪᠣᠨ ᠤ ᠡᠳᠣᠷ ᠪᠣᠯᠵᠣ ᠲᠡᠭᠷᠢ ᠲᠠᠰ ᠨᠢᠰ ᠬᠦᠢᠳᠡᠷᠡᠵᠣ ᠦᠨᠳᠡᠭᠡ ᠶᠢ ᠬᠠᠭ᠎ᠠ ᠬᠦᠯᠳᠡᠭᠡᠪᠡᠯ ᠰᠠᠶ᠋ᠢ ᠦᠨᠳᠡᠭᠡᠨ ᠳᠠᠬᠢ ᠠᠩᠭᠠᠬᠠᠢ ᠨᠢ ᠭᠠᠷᠴᠣ ᠢᠷᠡᠵᠣ ᠴᠢᠳᠠᠳᠠᠭ ᠭᠡᠨ᠎ᠡ᠃ ᠲᠡᠷᠡ ᠭᠤᠷᠪᠠᠨ ᠦᠨᠳᠡᠭᠡᠨ ᠤ ᠨᠢᠭᠡ ᠨᠢ ᠭᠠᠷᠵᠢ ᠨᠣᠬᠠᠢ᠂ ᠨᠢᠭᠡ ᠨᠢ ᠭᠠᠷᠵᠢ ᠨᠣᠬᠠᠢ ᠶᠢ ᠣᠶᠠᠳᠠᠭ ᠲᠡᠮᠣᠷ ᠭᠢᠨᠵᠢ᠂ ᠨᠦᠭᠦᠭᠡ ᠨᠢᠭᠡ ᠨᠢ ᠶᠣᠯᠣ ᠰᠢᠪᠠᠭᠤ ᠪᠣᠯᠳᠠᠭ ᠭᠡᠨ᠎ᠡ᠃            ᠡᠭᠦᠨ ᠠᠴᠠ ᠭᠠᠳᠠᠨ᠎ᠠ ᠪᠠᠰᠠ ᠪᠠᠭᠠᠷᠢᠨ ᠠᠷᠠᠳ ᠤᠨ ᠠᠮᠠᠨ ᠦᠯᠢᠭᠡᠷ ᠲᠤ᠄ ︽ᠡᠷᠳᠡ ᠣᠷᠢᠳᠣ ᠴᠠᠭ ᠲᠤ ᠨᠣᠬᠠᠢ ᠲᠡᠭᠷᠢ ᠲᠡᠭᠡᠷ᠎ᠡ ᠠᠮᠢᠳᠣᠷᠠᠵᠣ ᠪᠠᠶᠢᠭᠰᠠᠨ ᠭᠡᠨ᠎ᠡ᠃ ᠲᠡᠭᠡᠭᠡᠳ ᠬᠤᠷᠮᠣᠰᠣᠳᠠ ᠲᠡᠭᠦᠨ ᠢ ᠬᠦᠮᠣᠨ ᠤ ᠶᠢᠷᠳᠢᠨᠴᠣ ᠳᠤ ᠬᠦᠮᠣᠨ ᠲᠦᠷᠥᠯᠬᠡᠶᠢᠳᠡᠨ ᠢ ᠬᠠᠪᠰᠣᠷᠠᠬᠤ ᠪᠠᠷ ᠪᠠᠭᠤᠯᠭᠠᠵᠠᠢ᠃ ᠨᠣᠬᠠᠢ ᠪᠠᠭᠤᠵᠣ ᠢᠷᠡᠬᠦ ᠳᠡᠭᠡᠨ ᠬᠦᠮᠣᠨ ᠤ ᠶᠢᠷᠳᠢᠨᠴᠣ ᠳᠤ ᠲᠠᠪᠣᠨ ᠲᠠᠷᠢᠶᠠᠨ ᠤ ᠦᠷ᠎ᠡ ᠶᠢ ᠠᠪᠴᠢᠷᠠᠵᠠᠢ᠃ ᠲᠡᠭᠡᠭᠡᠳ ᠵᠠᠮ ᠳᠤ ᠨᠢ ᠪᠠᠰᠢᠷ ᠵᠠᠩ  ᠲᠠᠢ ᠮᠣᠣᠷ ᠣᠴᠠᠷᠠᠵᠣ ᠬᠡᠯᠡᠭᠰᠡᠨ ᠨᠢ᠄ ︿ᠪᠢ ᠴᠢᠮ᠎ᠠ ᠠᠴᠠ ᠪᠠᠭ᠎ᠠ ᠪᠣᠯᠬᠤᠷ ᠡᠭᠦᠳᠡᠨ ᠵᠠᠪᠰᠠᠷ ᠢᠶᠠᠷ ᠣᠷᠣᠵᠣ ᠲᠠᠪᠣᠨ ᠲᠠᠷᠢᠶᠠᠨ ᠤ ᠦᠷ᠎ᠡ ᠶᠢ ᠬᠦᠮᠣᠨ ᠳᠤ ᠴᠢᠮ᠎ᠠ ᠶᠢ ᠬᠦᠷᠭᠡᠵᠣ ᠢᠷᠡᠯ᠎ᠡ ᠭᠡᠵᠤ ᠲᠠᠮᠵᠢᠭᠤᠯᠣᠶ᠎ᠠ﹀ ᠭᠡᠮᠡᠨ ᠲᠠᠪᠣᠨ ᠲᠠᠷᠢᠶᠠᠨ ᠤ ᠦᠷ᠎ᠡ ᠶᠢ ᠨᠢ ᠠᠪᠣᠭᠠᠳ  ᠭᠡᠷ ᠲᠤ ᠣᠷᠣᠵᠣ ᠬᠠᠷᠢᠨ ᠬᠤᠳᠠᠯ ᠶᠠᠷᠢᠵᠣ ᠠᠰᠢᠭ ᠢ ᠨᠢ ᠦᠪᠡᠷ ᠢᠶᠠᠨ ᠬᠦᠷᠳᠡᠭᠰᠡᠨ   ᠠᠴᠠ ᠬᠤᠶᠢᠰᠢ ᠮᠣᠣᠷ ᠭᠡᠷ ᠲᠤ ᠲᠡᠵᠢᠭᠡᠭᠳᠡᠵᠣ᠂ ᠨᠣᠬᠠᠢ ᠭᠠᠳᠠᠨ᠎ᠠ ᠲᠡᠵᠢᠭᠡᠭᠳᠡᠬᠦ ᠪᠣᠯᠣᠭᠰᠠᠨ︾ ᠭᠡᠬᠦ ᠦᠯᠢᠭᠡᠷ ᠪᠣᠢ᠃            ᠡᠳᠡᠭᠡᠷ ᠣᠯᠠᠨ ᠵᠢᠱᠢᠶ᠎ᠡ ᠠᠴᠠ ᠦᠵᠡᠪᠡᠯ᠂ ᠮᠣᠩᠭᠤᠯᠴᠣᠳ ᠨᠣᠬᠠᠢ ᠭᠡᠳᠡᠭ ᠠᠮᠢᠳᠠᠨ ᠢ ᠠᠯᠢ ᠡᠷᠳᠡ ᠠᠴᠠ ᠠᠷᠠᠴᠢᠯᠠᠨ ᠲᠡᠵᠢᠭᠡᠵᠣ᠂ ᠬᠠᠶᠢᠷᠠᠯᠠᠨ ᠬᠦᠨᠳᠣᠳᠬᠡᠵᠣ ᠬᠠᠨᠢ ᠨᠦᠬᠦᠷ ᠢᠶᠠᠨ ᠬᠢᠵᠣ ᠪᠠᠶᠢᠭᠰᠠᠨ ᠢᠶᠠᠷ ᠦᠯᠣ ᠪᠠᠷᠠᠨ ᠪᠠᠰᠠ ᠲᠡᠭᠦᠨ ᠢ ᠦᠭᠡᠷ᠎ᠡ ᠨᠢᠭᠡ ᠵᠦᠢᠯ ᠤᠨ ᠰᠢᠳᠣᠭᠡᠨ ᠪᠣᠯᠭᠠᠵᠣ ᠪᠠᠶᠢᠭᠰᠠᠨ ᠭᠡᠳᠡᠭ ᠢ ᠠᠵᠢᠨ ᠰᠡᠷᠡᠵᠣ ᠪᠣᠯᠣᠨ᠎ᠠ᠃            ︵ᠬᠤᠶᠠᠷ︶ ᠠᠷᠠᠳ ᠤᠨ ᠶᠠᠷᠢᠶᠠᠨ ᠲᠣᠮᠳᠠᠬᠢ ᠨᠣᠬᠠᠢ            ᠨᠣᠬᠠᠢ ᠨᠢ ᠴᠣᠬᠤᠮ ᠠᠯᠢ ᠦᠶ᠎ᠡ ᠠᠴᠠ ᠭᠡᠷ ᠤᠨ ᠲᠡᠵᠢᠭᠡᠪᠣᠷᠢ ᠪᠣᠯᠣᠭᠰᠠᠨ ᠣᠨ ᠴᠠᠭ ᠨᠢ ᠲᠣᠳᠣᠷᠬᠠᠢ ᠦᠭᠡᠢ ᠪᠣᠯᠪᠠᠴᠣ ᠲᠠᠪᠣᠨ ᠬᠤᠰᠢᠭᠤ ᠮᠠᠯ ᠠᠴᠠ ᠡᠷᠳᠡ ᠭᠡᠷ ‍ᠤᠨ‌‍ᠲ᠋ᠡᠵᠢᠭᠡᠪᠣᠷᠢ ᠪᠣᠯᠣᠭᠰᠠᠨ ᠭᠡᠳᠡᠭ ᠲᠤ ᠬᠦᠮᠣᠰ ᠪᠦᠷ ᠰᠠᠨᠠᠯ ᠨᠢᠭᠡᠳᠠᠢ ᠵᠦᠪᠰᠢᠶᠡᠷᠡᠵᠣ ᠪᠣᠢ᠃         ᠲᠡᠶᠢᠮᠣ ᠠᠴᠠ ᠮᠣᠩᠭᠤᠯᠴᠣᠳ ᠨᠣᠬᠠᠢ ᠶᠢ ᠠᠩ ᠬᠢᠬᠦ᠂ ᠮᠠᠯ ᠮᠠᠯᠵᠢᠬᠤ ᠳᠤ ᠬᠡᠷᠡᠭᠯᠡᠵᠣ ᠪᠠᠶᠢᠵᠠᠢ᠃ ᠠᠯᠢ ᠡᠷᠳᠡ ᠠᠴᠠ ᠮᠣᠩᠭᠤᠯᠴᠣᠳ ᠤᠨ ᠲᠣᠮᠳᠠ ᠨᠣᠬᠠᠢ ᠶᠡᠷᠣ ᠨᠢ ᠰᠢᠳᠣᠷᠭᠤ ᠡᠭᠡᠯᠢᠳᠠᠢ ᠠᠮᠢᠳᠠᠨ ᠢᠶᠠᠷ ᠦᠵᠡᠭᠳᠡᠭᠰᠡᠭᠡᠷ ᠢᠷᠡᠵᠠᠢ᠃      ᠬᠦᠢ ᠷᠥᠩ  ᠤᠨ︽︿ᠮᠣᠩᠭᠤᠯ ᠤᠨ ᠨᠢᠭᠤᠴᠠ ᠲᠣᠪᠴᠢᠶᠠᠨ﹀  ᠤ ᠠᠷᠭ᠎ᠠ ᠣᠬᠠᠭᠠᠨ︾[8]ᠭᠡᠳᠡᠭ ᠨᠣᠮ  ᠳᠤ︽ᠴᠢᠩᠭᠢᠰ ᠬᠠᠭᠠᠨ ᠦᠪᠡᠷ  ᠤᠨ ᠲᠠᠭᠠᠭᠰᠠᠳ ᠢᠶᠠᠨ ᠢᠳᠡᠭᠡᠨ ᠲᠣᠳᠣᠨᠣᠴᠢᠯᠠᠵᠣ ᠰᠡᠵᠢᠭ ᠦᠭᠡᠢ ᠬᠡᠷᠡᠭᠯᠡᠳᠡᠭ ᠪᠠᠶᠢᠵᠠᠢ︾ ᠭᠡᠵᠤ ᠲᠡᠮᠳᠡᠭᠯᠡᠭᠰᠡᠨ ᠪᠠᠶᠢᠨ᠎ᠠ᠃ ᠡᠨᠡ ᠨᠢ ᠴᠢᠩᠭᠢᠰ ᠬᠠᠭᠠᠨ  ᠤ ᠦᠪᠡᠷ  ᠤᠨ ᠲᠠᠭᠠᠭᠰᠠᠳ  ᠢᠶᠠᠨ︽ᠨᠣᠬᠠᠢ︾ ᠭᠡᠵᠤ ᠨᠡᠷᠡᠶᠢᠳᠴᠣ ᠪᠠᠶᠢᠭᠰᠠᠨ ᠲᠠᠢ ᠬᠤᠯᠪᠣᠭ᠎ᠠ ᠲᠠᠢ ᠶᠤᠮ᠃ ᠲᠡᠶᠢᠮᠣ ᠳᠡᠭᠡᠨ ᠨᠣᠬᠠᠢ ᠰᠢᠭ᠋ ᠦᠨᠡᠨᠴᠢ ᠰᠢᠳᠣᠷᠭᠤ ︽ᠡᠵᠡᠨ ᠳᠡᠭᠡᠨ ᠦᠨᠡᠨᠴᠢ ᠪᠠᠶᠢᠬᠤ ᠶᠢ ᠴᠢᠩᠭᠢᠰ ᠬᠠᠭᠠᠨ ᠣᠨᠴᠠᠭᠠᠢ ᠡᠷᠬᠢᠮᠯᠡᠳᠡᠭ︾[9] ᠶᠤᠮ᠃      ᠠᠷᠠᠳ ᠤᠨ ᠲᠣᠮᠳᠠᠬᠢ ᠶᠠᠷᠢᠶ᠎ᠠ ᠳᠤ᠄          ︽ᠮᠣᠣᠷ ᠰᠥᠨᠢ ᠪᠦᠷᠢ ᠡᠵᠡᠨ ᠢᠶᠠᠨ ᠦᠬᠦᠵᠣ ᠤᠤ ᠭᠡᠮᠡᠨ ᠭᠤᠷᠪᠠ ᠦᠨᠦᠷᠯᠡᠳᠡᠭ ᠨᠣᠬᠠᠢ ᠰᠥᠨᠢ ᠪᠦᠷᠢ ᠡᠵᠡᠨ ᠢᠶᠠᠨ ᠮᠡᠨᠳᠣ ᠤᠤ ᠭᠡᠮᠡᠨ ᠭᠤᠷᠪᠠ ᠡᠷᠬᠢᠳᠡᠭ︾ ᠭᠡᠰᠡᠨ ᠦᠭᠡ ᠪᠣᠢ᠃ ᠮᠣᠩᠭᠤᠯ ᠬᠦᠮᠣᠨ ᠦᠨᠡᠨᠴᠢ ᠰᠢᠳᠣᠷᠭᠤ ᠶᠣᠰᠣ ᠶᠢ ᠲᠣᠶᠢᠯ ᠢᠶᠠᠷ ᠬᠦᠨᠳᠥᠳᠬᠡᠳᠡᠭ᠃    ᠨᠣᠬᠠᠢ ᠭᠡᠳᠡᠭ ᠠᠮᠢᠳᠠᠨ ᠦᠨᠡᠨᠴᠢ ᠰᠢᠳᠣᠷᠭᠤ ᠶᠢᠨ ᠲᠠᠯ᠎ᠠ ᠪᠠᠷ ᠪᠣᠰᠣᠳ ᠠᠮᠢᠳᠠᠨ ᠠᠴᠠ ᠢᠯᠭᠠᠭᠳᠠᠬᠤ ᠣᠴᠢᠷ ᠠᠴᠠ ᠬᠦᠮᠣᠰ ᠲᠡᠭᠦᠨ ᠤ ᠡᠨᠡ ᠵᠠᠩ ᠠᠷᠠᠨᠰᠢᠨ ᠢ ᠲᠣᠭᠤᠵᠣ ᠬᠠᠶᠢᠷᠠᠯᠠᠳᠠᠭ ᠪᠣᠯᠵᠠᠢ᠃ ᠲᠡᠶᠢᠮᠣ ᠳᠤ ᠪᠠᠨ ᠪᠠᠰᠠ᠄            ︽ᠨᠣᠬᠠᠢ ᠳᠤ ᠵᠢᠰᠣᠷ ᠦᠭᠡᠢ      ᠨᠣᠶᠠᠨ ᠳᠤ ᠨᠢᠭᠤᠷ ᠦᠭᠡᠢ︾ ᠭᠡᠵᠤ ᠶᠠᠷᠢᠳᠠᠭ᠃ ᠬ᠋᠊᠂ ᠰᠢᠷᠠᠪᠵᠠᠮᠰᠣ ᠶᠢᠨ ︽ᠮᠦᠩᠭᠡ ᠶᠢᠨ ᠮᠡᠯᠡᠮᠡᠢ︾[10]ᠭᠡᠳᠡᠭ ᠲᠣᠭᠤᠵᠢᠰ ᠲᠤ ᠨᠣᠬᠠᠢ ᠰᠠᠷᠢᠳᠠᠭ ︵ᠰᠢᠭᠡᠳᠡᠭ︶ ᠴᠢᠯᠠᠭᠤᠨ ᠲᠣᠳᠣᠷ᠎ᠠ ᠡᠷᠳᠡᠨᠢ ᠪᠠᠶᠢᠳᠠᠭ ᠭᠡᠵᠤ ᠨᠣᠳᠤᠭ ᠤᠨ ᠨᠠᠰᠣᠳᠠᠶᠢᠴᠣᠣᠯ ᠶᠠᠷᠢᠳᠠᠭ ᠶᠠᠷᠢᠶ᠎ᠠ ᠪᠠᠷ ᠦᠯᠢᠭᠡᠷ ᠢ ᠰᠢᠵᠢᠮᠯᠡᠵᠣ᠂ ᠲᠡᠷᠡ ᠴᠢᠯᠠᠭᠤᠨ ᠠᠴᠠ ᠡᠷᠳᠡᠨᠢ ᠭᠠᠷᠴᠣ ᠢᠷᠡᠭᠰᠡᠨ ᠦᠯᠢᠭᠡᠷ ᠢ ᠪᠢᠴᠢᠵᠠᠢ᠃      ᠲᠡᠭᠷᠢ ᠳᠤ ᠭᠠᠷᠳᠠᠭ ᠵᠡᠷᠭᠡᠴᠡᠭᠰᠡᠨ ᠭᠤᠷᠪᠠᠨ ᠣᠳᠣ ᠶᠢ ᠮᠣᠩᠭᠤᠯᠴᠣᠳ ︽ᠭᠤᠷᠪᠠᠨ ᠨᠣᠬᠠᠢ︾ ᠭᠡᠵᠤ ᠨᠡᠷᠡᠯᠡᠳᠡᠭ ᠶᠤᠮ᠃ ︽ᠠᠶᠢᠯ ᠳᠤ ᠨᠣᠬᠠᠢ ᠲᠣᠭᠳᠠᠬᠤ ᠦᠭᠡᠢ ᠪᠣᠯ ᠲᠠᠬᠢᠭᠤᠷ ᠲᠣᠯᠣᠭᠠᠨ ᠣᠳᠣᠨ ᠢ ᠵᠢᠭᠠᠵᠣ ᠣᠩᠭᠤᠯᠠᠳᠠᠭ︾ ᠭᠡᠵᠤ ᠲᠣᠩᠭᠠᠯᠠᠭ ᠲᠣᠭᠤᠷᠢᠮ ᠠᠴᠠ ︽ᠮᠣᠩᠭᠤᠯᠴᠣᠳ ᠤᠨ ᠠᠩᠴᠢ᠂ ᠬᠤᠳᠠᠴᠢ ᠨᠣᠬᠠᠢ ᠰᠣᠷᠭᠠᠨ ᠠᠰᠢᠭᠯᠠᠳᠠᠭ ᠣᠯᠠᠮᠵᠢᠯᠠᠯᠳᠣ ᠵᠠᠩ ᠦᠢᠯᠡ︾[11]ᠭᠡᠰᠡᠨ ᠦᠭᠦᠯᠡᠯ ᠳᠤ ᠪᠠᠨ ᠲᠣᠷᠠᠳᠴᠠᠢ᠃ ᠪᠠᠰᠠ ᠣᠷᠳᠣᠰ ᠮᠣᠩᠭᠤᠯ ᠤᠨ ᠣᠷᠤᠭ ᠬᠤᠷᠢᠮ ᠤᠨ ᠵᠠᠩ ᠦᠢᠯᠡ ᠳᠤ ᠰᠢᠨ᠎ᠡ ᠪᠡᠷᠢ ᠪᠠᠭᠤᠯᠭᠠᠬᠤ ᠳᠠᠭᠠᠨ ᠣᠷᠢᠳᠠᠪᠡᠷ ᠬᠠᠳᠠᠮ ᠡᠴᠢᠭᠡ ᠶᠢᠨ ᠭᠠᠯ ᠳᠤ᠂ ᠲᠠᠷᠠᠭ᠎ᠠ ᠨᠢ ᠨᠣᠬᠠᠢ ᠳᠤ ᠮᠦᠷᠭᠦᠭᠦᠯᠳᠡᠭ ᠵᠠᠩᠰᠢᠯ ᠲᠦᠭᠡᠮᠡᠯ ᠪᠠᠶᠢᠳᠠᠭ︾ [12]ᠦᠵᠡᠭᠳᠡᠯ ᠲᠠᠢ ᠶᠤᠮ᠃ ᠬᠤᠷᠢᠶᠠᠩᠭᠤᠶᠢᠯᠠᠪᠠᠯ᠂ ᠡᠳᠡᠭᠡᠷ ᠣᠯᠠᠨ ᠵᠢᠱᠢᠶ᠎ᠡ ᠨᠢ ᠡᠷᠳᠡ ᠲᠡᠭᠡᠳᠣ ᠠᠷᠪᠠᠨ  ᠭᠤᠷᠪᠠᠳᠣᠭᠠᠷ ᠵᠠᠭᠤᠨ ᠳᠤ ᠮᠣᠩᠭᠤᠯ ᠦᠨᠳᠣᠰᠣᠳᠡᠨ ᠤ ᠲᠣᠮᠳᠠ᠂ ᠨᠣᠬᠠᠢ ᠪᠣᠯ ᠨᠢᠭᠡ ᠲᠠᠯ᠎ᠠ ᠪᠠᠷ᠂ ᠡᠵᠡᠨ ᠳᠤ ᠪᠠᠨ ᠦᠨᠡᠨᠴᠢ ᠰᠢᠳᠣᠷᠭᠤ᠂ ᠬᠦᠯᠢᠴᠡᠩᠭᠦᠢ ᠨᠣᠮᠣᠬᠠᠨ ᠬᠠᠷᠢᠨ ᠲᠠᠶᠢᠰᠣᠨ ᠳᠤ ᠶᠠᠭ ᠡᠰᠡᠷᠭᠦ ᠪᠠᠷ ᠲᠣᠭᠰᠢᠨ ᠰᠦᠷᠳᠠᠢ᠂ ᠡᠷᠡᠮᠡᠭᠡᠢ ᠵᠣᠷᠢᠮᠠᠭ ᠪᠠᠶᠢᠵᠣ᠂ ᠨᠦᠭᠦᠭᠡ ᠲᠠᠯ᠎ᠠ ᠪᠠᠷ᠂ ᠨᠣᠬᠠᠢ ᠨᠢ ᠲᠡᠭᠷᠢ ᠤᠨ ᠠᠮᠢᠳᠠᠨ᠂ ᠬᠦᠨᠳᠣᠳᠬᠡᠯ ᠪᠢᠰᠢᠷᠡᠯ ᠲᠠᠢ ᠂ ᠷᠢᠳᠢ ᠰᠢᠳᠢ ᠲᠠᠢ ᠡᠯᠴᠢ ᠰᠢᠳᠣᠬᠡᠨ ᠢᠶᠠᠷ ᠦᠵᠡᠭᠳᠡᠳᠡᠭ ᠰᠡᠴᠡᠨ ᠠᠮᠢᠳᠠᠨ ᠤ ᠲᠦᠷᠢ ᠪᠠᠷ ᠬᠠᠷᠠᠭᠳᠠᠳᠠᠭ ᠪᠠᠶᠢᠵᠠᠢ ᠭᠡᠳᠡᠭ ᠢ ︽ᠨᠢᠭᠤᠴᠠ ᠲᠣᠪᠴᠢᠶᠠᠨ︾ ᠠᠴᠠ ᠦᠵᠡᠵᠣ ᠭᠠᠷᠬᠤ ᠪᠠᠷ ᠦᠯᠣ ᠪᠠᠷᠠᠨ ᠮᠣᠩᠭᠤᠯᠴᠣᠳ ᠤᠨ ᠠᠮᠢᠳᠣᠷᠠᠯ  ᠤᠨ ᠲᠣᠮᠳᠠ ᠬᠡᠪᠰᠢᠭᠰᠡᠨ ᠶᠠᠷᠢᠶ᠎ᠠ᠂ ᠦᠯᠢᠭᠡᠷ ᠲᠣᠮᠤᠭ ᠵᠡᠷᠭᠡ ᠠᠴᠠ ᠣᠶᠢᠯᠭᠠᠨ ᠮᠡᠳᠡᠵᠣ ᠪᠣᠯᠣᠨ᠎ᠠ᠃ ᠬᠠᠷᠢᠨ ᠣᠳᠣ ᠴᠠᠭ  ᠲᠤ ᠣᠣᠷ ᠰᠣᠶᠣᠯ ᠭᠡᠭᠡᠭᠳᠡᠨ ᠮᠠᠷᠳᠠᠭᠳᠠᠬᠤ ᠶᠢᠨ ᠣᠯᠠᠮ ᠢᠶᠠᠷ ᠨᠣᠬᠠᠢ ᠭᠡᠳᠡᠭ ᠠᠮᠢᠳᠠᠨ ᠤ ᠲᠦᠷᠢ ᠮᠣᠩᠭᠤᠯᠴᠣᠳ ᠤᠨ ᠶᠡᠷᠣ  ᠶᠢᠨ ᠠᠮᠢᠳᠣᠷᠠᠯ ᠲᠣᠮᠳᠠ ᠪᠠᠶᠢᠷᠢ ᠰᠠᠭᠤᠷᠢ ᠨᠢ ᠠᠯᠳᠠᠭᠳᠠᠵᠣ ᠪᠠᠶᠢᠨ᠎ᠠ᠃        ᠵᠡᠭᠦᠯᠳᠡ       [1]ᠪᠤ᠂ ᠰᠠᠶᠢᠵᠢᠷᠠᠬᠤ ︽ᠬᠠᠰᠠᠷ  ᠤᠨ ᠴᠠᠳᠢᠭ︾ ᠮᠣᠩᠭᠤᠯ  ᠤᠨ ᠬᠡᠪᠯᠡᠯ  ᠤᠨ ᠬᠤᠷᠢᠶ᠎ᠠ1999 ᠣᠨP123     [2]ᠷᠠᠰᠢᠫᠣᠩᠰᠤᠭ᠄ ︽ᠪᠣᠯᠣᠷ ᠢᠷᠢᠬᠡ︾᠂ ᠦᠪᠣᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1985 ᠣᠨ᠃ P234   [3]ᠪᠣᠯᠠᠭ᠄ ︽︿ᠮᠣᠩᠭᠤᠯ ᠤᠨ ᠨᠢᠭᠤᠴᠠ ᠲᠣᠪᠴᠢᠶᠠᠨ﹀ ᠠᠴᠠ ᠰᠡᠳᠣᠪᠯᠡᠨ ᠮᠣᠩᠭᠤᠯᠴᠣᠳ ᠤᠨ ᠨᠣᠬᠠᠢ  ᠶᠢ ᠰᠢᠳᠣᠳᠡᠭ ᠣᠴᠢᠷ ᠢ ᠰᠢᠨᠵᠢᠯᠡᠬᠦ ᠨᠢ︾᠂ ︽ᠮᠣᠩᠭᠤᠯ ᠵᠠᠩ ᠦᠢᠯᠡ ᠶᠢᠨ ᠰᠣᠳᠣᠯᠣᠯ︾᠂ ᠦᠪᠣᠷ ᠮᠣᠩᠭᠤᠯ  ᠤᠨ ᠰᠣᠶᠣᠯ ᠤᠨ ᠬᠡᠪᠯᠡᠯ ᠤᠨ   ᠬᠤᠷᠢᠶ᠎ᠠ᠂1992 ᠣᠨ P94     [4]︽ᠮᠣᠩᠭᠤᠯ ᠵᠠᠩ ᠦᠢᠯᠡ ᠶᠢᠨ ᠰᠣᠳᠣᠯᠣᠯ︾᠄ ᠲᠣᠩᠭᠠᠯᠠᠭ ᠲᠣᠭᠤᠷᠢᠮ᠄ ︽ᠮᠣᠩᠭᠤᠯᠴᠣᠳ ᠤᠨ ᠠᠩᠴᠢ᠂ ᠬᠤᠳᠠᠴᠢ ᠨᠣᠬᠠᠢ ᠰᠣᠷᠭᠠᠨ ᠠᠰᠢᠭᠯᠠᠳᠠᠭ ᠣᠯᠠᠮᠵᠢᠯᠠᠯᠳᠣ ᠵᠠᠩ ᠦᠢᠯᠡ︾  ᠦᠪᠣᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ ᠂ 1992 ᠣᠨ 4 ᠳ᠋ᠦ᠋ᠭᠡᠷ ᠰᠠᠶᠢᠷᠠ 08  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号